ᠨᠤᠮ ᠪᠤᠯ ᠭᠡᠭᠡᠷᠡᠯᠤᠨ ᠴᠤᠩᠬᠤ
ᠨᠤᠮ ᠪᠤᠯ ᠤᠬᠠᠭᠠᠷᠠᠯᠤᠨ ᠬᠥᠮᠦᠷᠭᠡ
ᠨᠤᠮ ᠪᠤᠯ ᠰᠡᠳᠭᠢᠯᠤᠨ ᠳᠡᠳᠭᠦᠬᠦᠷ
ᠨᠤᠮ ᠪᠤᠯ ᠰᠤᠶᠤᠯᠤᠨ ᠥᠯᠥᠭᠡᠢ
ᠨᠤᠮᠤᠨ ᠴᠠᠭᠠᠨ ᠪᠤᠶᠠᠨ ᠬᠦᠵᠢ ᠳᠡᠯᠡᠬᠡᠢ ᠳ᠋ᠤ ᠳᠡᠯᠭᠡᠷᠡᠬᠦ᠌ ᠳ᠋ᠤ
ᠨᠤᠮᠤᠨ ᠱᠢᠲᠦᠭᠡᠨ ᠶᠠᠭᠤ ᠪᠤᠯᠬᠤ ᠵᠢ ᠤᠬᠠᠮᠰᠠᠷᠯᠠᠵᠤ
ᠨᠤᠮᠤᠨ ᠰᠤᠶᠤᠨ ᠭᠡᠭᠡᠷᠡᠯ ᠳᠡᠯᠭᠡᠷᠡᠬᠦ᠌ ᠳ᠋ᠤ
ᠨᠤᠮᠤᠨ ᠳᠠᠯᠠᠢ ᠶᠠᠭᠤ ᠪᠤᠯᠬᠤ ᠵᠢ ᠮᠡᠳᠡᠷᠡᠬᠦ ᠪᠢᠵᠡ ᠡ
ᠡᠨᠡ ᠬᠤᠷᠸᠠ ᠳ᠋ᠤ ᠨᠤᠮ ᠭᠡᠬᠦ᠌ ᠪᠠᠭ᠍ᠰᠢ ᠦᠭᠡᠢ ᠶᠤᠮ ᠪᠤᠯ
ᠡᠨᠡ ᠬᠤᠷᠸᠠ ᠳ᠋ᠤ ᠨᠤᠮ ᠭᠡᠬᠦ᠌ ᠰᠡᠳᠭᠢᠮᠵᠢ ᠦᠭᠡᠢ ᠶᠤᠮ ᠪᠤᠯ
ᠡᠨᠡ ᠬᠤᠷᠸᠠ ᠳ᠋ᠤ ᠨᠤᠮ ᠭᠡᠬᠦ᠌ ᠬᠡᠯᠡᠴᠡ ᠦᠭᠡᠢ ᠶᠤᠮ ᠪᠤᠯ
ᠡᠨᠡ ᠬᠤᠷᠸᠠ ᠳ᠋ᠤ ᠨᠤᠮ ᠭᠡᠬᠦ᠌ ᠱᠢᠲᠦᠭᠡᠨ ᠦᠭᠡᠢ ᠶᠤᠮ ᠪᠤᠯ
ᠤᠷᠴᠢᠯᠠᠩ ᠶᠢᠷᠲᠢᠨᠴᠦ᠍ ᠤᠭᠤᠰᠤᠷ ᠦᠭᠡᠢ ᠬᠤᠭᠤᠰᠤᠷᠠᠵᠤ
ᠤᠷᠤᠱᠢᠬᠤᠢ ᠤᠷᠤᠨ ᠵᠠᠢ ᠦᠭᠡᠢ ᠡᠪᠬᠡᠷᠡᠵᠦ᠍
ᠠᠮᠢᠳᠤᠷᠠᠯ ᠡᠰᠡᠨᠢᠯ ᠦᠭᠡᠢ ᠬᠤᠭᠤᠰᠤᠷᠠᠨ ᠵᠠᠮᠬᠠᠷᠠᠵᠤ
ᠤᠳᠤᠳᠤᠨ ᠰᠠᠨᠰᠠᠷ ᠵᠠᠮᠪᠠᠷᠠᠭᠠ ᠦᠭᠡᠢ ᠬᠤᠢᠯᠠᠷᠠᠨᠠ
ᠤᠷᠴᠢᠯᠠᠩᠤᠨ ᠵᠢᠮᠡ ᠶᠠᠭᠤ ᠪᠤᠯᠬᠤ ᠵᠢ ᠮᠡᠳᠡᠬᠦ᠌ ᠦᠭᠡᠢ ᠪᠤᠯᠵᠤ
ᠶᠢᠷᠲᠢᠨᠴᠦ᠍ ᠳᠡᠯᠡᠭᠡᠢ ᠶᠠᠭᠤ ᠪᠤᠯᠬᠤ ᠵᠢ ᠲᠠᠨᠢᠬᠤ ᠦᠭᠡᠢ ᠪᠤᠯᠵᠤ
ᠤᠷᠤᠱᠢᠯ ᠲᠤᠭ᠍ᠲᠠᠨᠢᠯᠤᠨ ᠵᠢᠮᠡ ᠶᠠᠭᠤ ᠪᠤᠯᠬᠤ ᠵᠢ ᠰᠡᠭᠡᠭᠡᠷᠡᠬᠦ᠌ ᠦᠭᠡᠢ ᠪᠤᠯᠵᠤ
ᠡᠩ ᠳᠡᠯᠡᠬᠡᠢ ᠵᠢᠨ ᠬᠦᠮᠦᠨ ᠠᠮᠢᠯᠠᠯ ᠦᠭᠡᠢ ᠰᠦᠢᠷᠡᠨᠡ
ᠨᠤᠮ ᠭᠡᠬᠦ᠌ ᠤᠬᠠᠭᠠᠨ ᠪᠠᠢᠭ᠍ᠰᠠᠨ ᠴᠠᠭ ᠲᠦ᠍
ᠨᠤᠮ ᠭᠡᠬᠦ᠌ ᠤᠬᠠᠭᠠᠷᠠᠯ ᠰᠡᠷᠡᠭ᠌ᠰᠡᠨ ᠴᠠᠭ ᠲᠦ᠍
ᠨᠤᠮ ᠭᠡᠬᠦ᠌ ᠭᠡᠭᠡᠷᠡᠯ ᠳᠡᠯᠭᠡᠷᠡᠭ᠌ᠰᠡᠨ ᠴᠠᠭ ᠲᠦ᠍
ᠨᠤᠮ ᠭᠡᠬᠦ᠌ ᠤᠶᠤᠨ ᠰᠡᠳᠭᠢᠮᠵᠢ ᠪᠠᠢᠭ᠍ᠰᠠᠨ ᠴᠠᠭ ᠲᠦ᠍
ᠡᠪᠤᠨ ᠬᠤᠷᠸᠠ ᠡᠨᠡᠷᠢᠯ ᠵᠢᠠᠨ ᠳᠡᠯᠭᠡᠵᠦ᠍
ᠶᠢᠷᠲᠢᠨᠴᠦ᠍ ᠵᠢᠨ ᠬᠦᠮᠦᠰ ᠰᠡᠳᠭᠢᠯ ᠵᠢᠠᠨ ᠳᠡᠯᠭᠡᠵᠦ᠍
ᠡᠪ ᠵᠤᠬᠢᠴᠠᠯ ᠬᠥᠭ᠌ᠵᠢᠯ ᠵᠢᠠᠨ ᠳᠡᠯᠭᠡᠵᠦ᠍
ᠡᠩ ᠦᠭᠡᠢ ᠪᠠᠢᠭᠠᠯᠢ ᠤᠷᠭᠢᠴᠠ ᠪᠠᠨ ᠳᠡᠯᠭᠡᠨᠡ
ᠨᠤᠮ ᠭᠡᠬᠦ᠌ ᠤᠬᠠᠭᠠᠨ ᠲᠤᠩᠭᠠᠯᠠᠭ᠍ᠰᠢᠵᠤ
ᠨᠤᠮ ᠭᠡᠬᠦ᠌ ᠤᠶᠤᠨ ᠳᠡᠯᠡᠬᠡᠢᠵᠢᠵᠦ᠍
ᠨᠤᠮ ᠭᠡᠬᠦ᠌ ᠤᠶᠤᠨᠤ ᠬᠦᠨᠡᠰᠦ ᠱᠢᠲᠦᠭᠡᠨ ᠪᠤᠯᠵᠤ
ᠨᠤᠮᠤᠨ ᠶᠤᠰᠤ ᠤᠬᠠᠭᠠᠨ ᠳᠡᠭᠡᠳᠦᠯᠡᠭ᠌ᠳᠡᠨᠡ
ᠬᠦᠮᠦᠨ ᠠᠮᠢᠯᠠᠯ ᠴᠢᠨᠠᠷᠵᠢᠵᠤ
ᠬᠦᠮᠦᠨ ᠰᠤᠶᠤᠯ ᠬᠦᠮᠦᠵᠢᠵᠦ᠍
ᠬᠦᠮᠦᠨ ᠪᠤᠯᠪᠠᠰᠤᠷᠠᠯ ᠡᠷᠬᠢᠮᠯᠡᠭ᠌ᠳᠡᠵᠦ᠍
ᠬᠦᠮᠦᠨ ᠡᠴᠡ ᠬᠦᠮᠦᠨ ᠬᠦᠷᠬᠦ᠌ ᠲᠦᠭᠡᠮᠡᠯᠵᠢᠨᠡ
ᠬᠦᠮᠦᠨ ᠪᠤᠯᠪᠠᠰᠤᠷᠠᠯ ᠴᠢᠨᠰᠠᠭᠠ ᠪᠠᠷ ᠲᠠᠨᠢᠭ᠍ᠳᠠᠵᠤ
ᠬᠦᠮᠦᠯᠢᠭ ᠰᠡᠳᠭᠢᠯ ᠦᠷᠲᠡᠭ ᠵᠢᠠᠷ ᠬᠡᠮᠵᠢᠶᠡᠯᠡᠭ᠌ᠳᠡᠵᠦ᠍
ᠬᠦᠮᠦᠨᠴᠢ ᠴᠢᠨᠠᠷ ᠳᠡᠭᠡᠳᠦ ᠪᠠᠷ ᠦᠨᠡᠯᠡᠭ᠌ᠳᠡᠵᠦ᠍
ᠬᠦᠮᠦᠨᠤ ᠤᠷᠴᠢᠯᠠᠩ ᠵᠢᠷᠭᠠᠯᠤᠨ ᠤᠷᠤᠨ ᠪᠤᠯᠤᠨᠠ
ᠨᠤᠮᠤᠨ ᠴᠠᠭᠠᠨ ᠪᠤᠶᠠᠨ ᠳ᠋ᠤ ᠲᠠᠯᠠᠷᠬᠠᠪᠠᠯ ᠵᠤᠬᠢᠨᠠ
ᠨᠤᠮᠤᠨ ᠦᠨᠡ ᠴᠡᠨᠠ ᠳ᠋ᠤ ᠲᠠᠯᠠᠷᠬᠠᠪᠠᠯ ᠵᠤᠬᠢᠨᠠ
ᠨᠤᠮᠤᠨ ᠪᠤᠶᠠᠨᠤ ᠥᠭ᠌ᠭᠢᠶᠠᠮᠤᠷᠢ ᠱᠢᠲᠦᠨ ᠳᠡᠭᠡᠳᠦᠯᠡᠪᠡᠯ ᠵᠤᠬᠢᠨᠠ
ᠨᠤᠮᠤᠨ ᠲᠦᠮᠡᠨᠤ ᠪᠤᠶᠠᠨ ᠳ᠋ᠤ ᠳᠠᠭᠠᠳᠭᠠᠪᠠᠯ ᠵᠤᠬᠢᠨᠠ᠃