ᠮᠠᠷᠭᠠᠰᠢ᠎ᠠᠴᠠ ᠪᠢ
ᠥᠪᠡᠷ᠎ᠢ᠎ᠪᠠᠨ ᠲᠡᠰᠭᠦ ᠠᠯᠳᠠᠷᠠᠨ ᠬᠦᠯᠢᠶᠡᠬᠦ᠌᠎ᠳᠤ
ᠮᠠᠭᠠᠳ
ᠮᠣᠷᠢᠲᠠᠢ ᠬᠥᠮᠥᠨ ᠵᠡᠭᠦᠳᠦᠯᠡᠵᠦ᠍ ᠬᠤᠨᠣᠭ᠍ᠰᠠᠨ
ᠬᠡᠭᠡᠷ᠎ᠡ ᠲᠠᠯ᠎ᠠ᠎ᠶ᠋ᠢᠨ ᠡᠬᠡᠭᠦᠨ ᠱᠢᠷᠭᠠᠯ ᠰᠠᠯᠬᠢ
ᠠᠭᠢ ᠭᠠᠩᠭ᠎ᠠ᠎ᠶ᠋ᠢᠨ ᠦᠨᠦᠷ ᠲᠠᠮᠱᠢᠶᠠᠯᠠᠨ
ᠱᠢᠪᠠᠭᠤᠨ᠎ᠤ ᠥᠭᠡᠳᠡ᠎ᠠᠴᠠ ᠰᠡᠪᠢᠯᠵᠡᠨᠡ
ᠰᠠᠢᠬᠠᠨ ᠵᠤᠨ ᠪᠣᠯᠬᠤ᠎ᠨᠢ ᠭᠡᠵᠦ᠍
ᠰᠠᠨᠠᠭ᠎ᠠ ᠠᠰᠭᠠᠷᠠᠨ ᠳᠠᠪᠬᠢᠭᠤᠯᠬᠤ᠎ᠳᠤ
ᠰᠦᠮᠡᠯᠵᠡᠬᠦ᠌ ᠵᠡᠷᠭᠡᠯᠭᠡᠨᠤ ᠦᠵᠦᠭᠦᠷ ᠡᠷᠭᠦᠭ᠌ᠳᠡᠭ᠌ᠰᠡᠨ
ᠰᠠᠨᠰᠠᠷ᠎ᠤᠨ ᠲᠣᠷᠭᠠᠨ ᠬᠤᠷᠮᠣᠢ ᠱᠢᠭ᠋
ᠡᠮᠡᠭᠡᠯ᠎ᠤᠨ ᠱᠢᠷᠢᠨ ᠭᠥᠯᠢᠮ ᠳᠡᠷᠪᠡᠯᠵᠡᠨ
ᠰᠡᠳᠭᠢᠯ᠎ᠤᠨ ᠲᠦᠮᠡᠨ ᠡᠭᠡᠱᠢᠭ
ᠤᠯᠠᠷᠢᠯ᠎ᠤᠨ ᠤᠷᠠᠨ ᠲᠠᠩᠨᠠᠢ ᠪᠥᠵᠢᠲᠡᠯᠡ
ᠨᠡᠭᠦᠳᠡᠯ᠎ᠢᠶᠠᠨ ᠬᠥᠲᠥᠯᠵᠦ᠍ ᠮᠢᠷᠠᠯᠵᠠᠨ᠎ᠠ
ᠠᠮᠠᠷᠠᠭ ᠴᠠᠭᠠᠨ ᠰᠥᠨᠢ᠎ᠶ᠋ᠢᠨ ᠮᠥᠩᠭᠦᠨ ᠣᠳᠣᠳ ᠱᠢᠭ᠋
ᠠᠯᠤᠰ ᠬᠤᠯᠠ᠎ᠠᠴᠠ ᠭᠢᠯᠠᠯᠵᠠᠭ᠍ᠰᠠᠨ
ᠠᠢᠷᠠᠭ ᠬᠠᠩᠬᠤᠯᠬᠤ ᠮᠣᠩᠭᠤᠯ ᠭᠡᠷ᠎ᠤᠨ
ᠬᠠᠶᠠᠭ᠎ᠠ᠎ᠪᠠᠷ ᠵᠢᠳᠭᠦᠯᠳᠦᠭ᠌ᠰᠡᠨ ᠪᠣᠷᠤᠭ᠎ᠠ ᠰᠠᠯᠬᠢᠨ᠎ᠤ ᠦᠨᠦᠷ᠎ᠲᠤ
ᠣᠷᠴᠢᠯᠠᠩ᠎ᠤᠨ ᠶᠠᠳᠠᠷᠠᠭ᠎ᠠ ᠲᠠᠢᠯᠤᠭ᠍ᠳᠠᠭ᠍ᠰᠠᠨ ᠱᠢᠭ᠋
ᠣᠢ ᠤᠬᠠᠭᠠᠨ ᠮᠢᠨᠢ ᠰᠠᠷᠠᠭᠤᠯᠵᠢᠬᠤ᠎ᠪᠠᠷ
ᠥᠨᠳᠦᠷᠯᠢᠭ᠎ᠤᠨ ᠬᠥᠷᠥᠰᠥᠨ᠎ᠠᠴᠠ ᠤᠷᠭᠤᠭ᠍ᠰᠠᠨ
ᠬᠥᠩᠭᠡᠬᠡᠨ ᠤᠢᠳᠭᠠᠷ᠎ᠲᠤ
ᠬᠠᠷᠠᠭ᠎ᠠ ᠪᠠᠯᠠᠷᠠᠵᠤ ᠳᠡᠮᠡᠢᠷᠡᠬᠦ᠌ᠪᠠᠷ ᠦᠭᠡᠢ
ᠽᠠᠮᠪᠤᠯᠢᠩ᠎ᠤᠨ ᠬᠦᠷᠡᠩ ᠡᠯᠢᠭᠡᠨ ᠳᠡᠭᠡᠷ᠎ᠡ᠎ᠠᠴᠠ
ᠢᠲᠡᠭᠡᠯ ᠮᠢᠨᠢ ᠭᠠᠩ ᠳᠥᠷᠥᠭᠡ ᠵᠢᠭᠢᠵᠦ᠍
ᠮᠠᠷᠭᠠᠰᠢ᠎ᠶ᠋ᠢᠨ ᠵᠤᠯᠠᠢ ᠢᠯᠪᠢᠨ᠎ᠡ
ᠡᠬᠡ ᠨᠤᠲᠤᠭ ᠮᠢᠨᠢ
ᠨᠠᠮᠠᠶ᠋ᠢ ᠳᠡᠪᠲᠦᠭᠡᠭ᠌ᠰᠡᠨ ᠪᠣᠷᠤᠭ᠎ᠠ ᠴᠠᠰᠤ ᠪᠠᠢᠵᠤ
ᠶᠠᠪᠤᠵᠤ ᠰᠠᠭᠤᠬᠤ᠎ᠳᠤ
ᠶᠠᠩᠱᠢᠵᠤ ᠨᠣᠮᠯᠠᠳᠠᠭ ᠥᠷᠥ᠍ ᠵᠦᠭᠡᠯᠡᠨ ᠡᠵᠢ᠎ᠶ᠋ᠢᠨ ᠮᠢᠨᠢ
ᠪᠤᠶᠠᠨ᠎ᠤ ᠢᠷᠦᠭᠡᠯ᠎ᠨᠢ ᠱᠢᠩᠭᠡᠵᠦ᠍
ᠵᠠᠭᠤᠨ ᠳᠠᠮᠵᠢᠨ ᠡᠯᠡᠭ᠌ᠳᠡᠭ᠌ᠰᠡᠨ ᠮᠣᠳᠣᠨ ᠠᠶᠠᠭ᠎ᠠ ᠭᠡᠯᠲᠡᠢ
ᠠᠢ ᠳ᠋ᠠ᠂ ᠬᠦᠭᠡᠷᠦᠬᠦᠢ
ᠵᠢᠷᠦᠬᠡ ᠰᠡᠳᠭᠢᠯ᠎ᠠᠴᠠ ᠮᠢᠨᠢ ᠳᠠᠩᠳᠠ᠎ᠪᠠᠨ ᠤᠶᠠᠭᠠᠰᠤᠲᠠᠢ
ᠡᠵᠢ ᠨᠤᠲᠤᠭ ᠬᠤᠶᠠᠷ᠎ᠢᠶᠠᠨ
ᠡᠪᠴᠢᠭᠦᠦ ᠴᠡᠭᠡᠵᠢᠨ᠎ᠳᠡᠭᠡᠨ ᠪᠠᠭ᠍ᠲᠠᠭᠠᠵᠤ ᠤᠬᠠᠭᠠᠷᠠᠬᠤ
ᠦᠢᠯᠡ ᠵᠠᠶᠠᠭ᠎ᠠ ᠮᠢᠨᠢ
ᠮᠠᠷᠭᠠᠰᠢ᠎ᠪᠠᠨ ᠭᠡᠰᠡᠨ
ᠨᠠᠨᠳᠢᠨ ᠪᠦᠬᠦᠨ᠎ᠤ ᠡᠩᠬᠦᠷᠡᠢᠯᠡᠯ ᠭᠡᠵᠦ᠍
ᠬᠡᠯᠡᠭᠡᠳ ᠭᠠᠢᠬᠠᠭᠤᠯᠤᠭᠠᠳ ᠯᠠ ᠪᠠᠢᠵᠤ ᠪᠣᠯᠬᠤ ᠦᠭᠡᠢ
ᠵᠥᠪ ᠰᠠᠨᠠᠭᠠᠨ᠎ᠤ ᠠᠷᠢᠭᠤᠨ ᠳᠠᠷᠬᠠᠨ ᠱᠢᠪᠱᠢᠶᠡ ᠪᠠᠢᠵᠤ
ᠵᠦᠭ ᠴᠢᠭ ᠦᠭᠡᠢ
ᠵᠦᠭᠡᠷ ᠯᠠ ᠨᠢᠭᠡ ᠱᠢᠯᠦᠭ ᠪᠢᠴᠢᠬᠦ᠌᠎ᠶ᠋ᠢᠨ
ᠭᠤᠢᠳᠠᠬᠠᠨ ᠮᠡᠳᠡᠷᠡᠮᠵᠢ᠎ᠳᠤ ᠤᠢᠰᠭᠤ ᠦᠭᠡᠢ
ᠵᠦᠢᠳᠡᠯ ᠦᠭᠡᠢ ᠲᠤᠶᠠᠭᠠᠷᠠᠬᠤ
ᠵᠦᠩ ᠪᠢᠯᠢᠭ᠎ᠤᠨ ᠠᠶᠠᠯᠭᠤ ᠪᠦᠲᠦᠨ ᠨᠠᠢᠷᠠᠯ ᠰᠠᠨ᠃