​ᠬᠠᠪᠤᠷ᠎ᠤᠨ ᠰᠠᠯᠬᠢᠨ
2026-05-13 10:50:30
ᠵᠣᠬᠢᠶᠠᠭ᠍ᠴᠢ᠄
ᠨᠠ᠊·ᠬᠦᠬᠡᠱᠢᠭᠤᠢ
ᠣᠩᠱᠢᠭ᠍ᠰᠠᠨ ᠣᠳᠠᠭ᠎ᠠ᠄
★★★☆☆


ᠬᠠᠪᠤᠷ᠎ᠤᠨ ᠰᠠᠯᠬᠢᠨ᠎ᠤ ᠦᠵᠦᠬᠦᠷ

ᠬᠤᠷ᠎ᠠ᠎ᠶ᠋ᠢᠨ ᠲᠤᠰᠤᠯ ᠪᠦᠮᠪᠦᠭᠡᠨᠡᠨ᠎ᠡ

ᠬᠤᠪᠠᠭ᠍ᠠᠢ ᠪᠠᠢᠭ᠍ᠰᠠᠨ ᠲᠠᠯ᠎ᠠ᠎ᠶ᠋ᠢ

ᠬᠤᠷᠤᠮᠬᠠᠨ ᠨᠤᠭᠤᠭᠠᠨ ᠪᠤᠯᠭᠠᠨ᠎ᠠ




ᠬᠠᠪᠤᠷ᠎ᠤᠨ ᠰᠠᠯᠬᠢᠨ᠎ᠤ ᠦᠵᠦᠬᠦᠷ

ᠬᠠᠢᠴᠢᠨ᠎ᠤ ᠢᠷ ᠨᠢᠭᠤᠭ᠍ᠲᠠᠨ᠎ᠠ

ᠬᠠᠢᠯᠠᠰᠤᠨ ᠮᠤᠳᠤᠨ᠎ᠤ ᠨᠠᠮᠠᠭ᠎ᠠ᠎ᠶ᠋ᠢ

ᠬᠠᠷᠠᠵᠤ ᠪᠠᠢᠲᠠᠯ᠎ᠠ ᠨᠠᠬᠢᠯᠵᠠᠭᠤᠯᠤᠨ᠎ᠠ




ᠬᠠᠪᠤᠷ᠎ᠤᠨ ᠰᠠᠯᠬᠢᠨ᠎ᠤ ᠦᠵᠦᠬᠦᠷ

ᠬᠠᠮᠠᠷ᠎ᠤᠨ ᠦᠵᠦᠭᠦᠷ ᠪᠤᠷᠬᠢᠷᠠᠨ᠎ᠠ

ᠬᠠᠩᠰᠢ᠎ᠶ᠋ᠢᠨ ᠡᠳᠦᠷ᠎ᠤᠨ ᠮᠦᠷᠦᠭᠡᠳᠦᠯ

ᠱᠠᠩᠰᠢ᠎ᠶ᠋ᠢᠨ ᠮᠤᠳᠤ ᠱᠢᠭ᠋ ᠵᠠᠯᠪᠠᠷᠢᠨ᠎ᠠ




ᠬᠠᠪᠤᠷ᠎ᠤᠨ ᠰᠠᠯᠬᠢᠨ᠎ᠤ ᠦᠵᠦᠬᠦᠷ

ᠬᠤᠨ᠎ᠤ ᠲᠠᠭᠤᠨ ᠭᠠᠩᠭᠠᠨᠠᠨ᠎ᠠ

ᠬᠤᠯᠠᠨ ᠵᠡᠷᠭᠡᠯᠬᠡᠨ᠎ᠤ ᠲᠤᠮᠳᠠ

ᠵᠤᠨ᠎ᠤ ᠪᠠᠷ᠎ᠠ ᠰᠦᠮᠡᠯᠵᠡᠨ᠎ᠡ




ᠬᠠᠪᠤᠷ᠎ᠤᠨ ᠰᠠᠯᠬᠢᠨ᠎ᠤ ᠦᠵᠦᠬᠦᠷ

ᠲᠦᠯ᠎ᠤᠨ ᠮᠠᠢᠯᠠᠭᠠᠨ ᠬᠠᠩᠭᠢᠨᠠᠨ᠎ᠠ

ᠬᠠᠱᠢᠶ᠎ᠡ ᠬᠤᠷᠤᠭ᠎ᠠ᠎ᠶ᠋ᠢᠨ ᠲᠡᠭᠡᠭᠦᠷ

ᠵᠦᠢᠯ᠎ᠤᠨ ᠱᠢᠪᠠᠭᠤ ᠵᠢᠷᠭᠢᠨ᠎ᠠ


ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号