ᠡᠪᠦᠭᠡᠳ ᠪᠠ ᠠᠭᠤᠳᠠᠮ ᠲᠠᠯᠠᠪᠠᠢ
2026-05-13 10:45:24
ᠵᠣᠬᠢᠶᠠᠭ᠍ᠴᠢ᠄
ᠪᠤᠷᠵᠢᠭᠢᠨ ᠯᠤᠤ
ᠣᠩᠱᠢᠭ᠍ᠰᠠᠨ ᠣᠳᠠᠭ᠎ᠠ᠄
★★★☆☆

    (ᠭᠠᠲᠠᠨ᠎ᠠ ᠨᠢᠭᠡ)

ᠡᠳᠦᠷ ᠡᠳᠦᠷ ᠬᠡᠳᠦᠨ ᠡᠪᠦᠭᠡᠳ

ᠠᠭᠤᠳᠠᠮ ᠲᠠᠯᠠᠪᠠᠢ᠎ᠳᠤ ᠢᠷᠡᠬᠦ᠌᠎ᠨᠢ

ᠦᠨᠡᠬᠡᠷ ᠴᠠᠭ᠎ᠤᠨ ᠵᠡᠭᠦᠦ ᠭᠡᠮᠡᠷ




ᠱᠢᠲᠠᠷ᠎ᠠ ᠲᠠᠯᠪᠢᠨ᠎ᠡ

ᠭᠦᠵᠦᠷ ᠲᠤᠭ᠍ᠯᠠᠨ᠎ᠠ

ᠪᠠᠢᠨ ᠪᠠᠢᠨ ᠢᠨᠢᠶᠡᠯᠴᠡᠬᠦ᠌᠎ᠨᠢ

ᠪᠠᠭ᠎ᠠ᠎ᠶ᠋ᠢᠨ ᠦᠶ᠎ᠡ᠎ᠳᠡᠭᠡᠨ

ᠪᠤᠴᠠᠭ᠍ᠰᠠᠨ ᠭᠡᠮᠡᠷ




ᠠᠭᠤᠳᠠᠮ ᠲᠠᠯᠠᠪᠠᠢ ᠴᠦ᠍

ᠡᠪᠦᠭᠡᠳ᠎ᠲᠠᠢ ᠵᠤᠭᠤᠭ᠍ᠲᠠᠵᠤ

ᠦᠯᠢᠭᠡᠷ᠎ᠲᠤᠨᠢ ᠰᠤᠭ᠍ᠲᠤᠭᠤᠷᠠᠵᠤ

ᠤᠯᠠᠮ ᠠᠭᠤᠵᠢᠮ

ᠪᠤᠯᠴᠢᠬᠠᠭ᠍ᠰᠠᠨ ᠭᠡᠮᠡᠷ




ᠬᠡᠵᠢᠶ᠎ᠡ᠎ᠶ᠋ᠢ ᠪᠤᠤ ᠮᠡᠳᠡ

ᠬᠡᠨ ᠨᠢᠭᠡ᠎ᠨᠢ ᠢᠷᠡᠬᠦ᠌᠎ᠪᠠᠨ ᠪᠤᠯᠢᠨ᠎ᠠ

ᠬᠡᠵᠢᠶᠡᠳᠡ ᠢᠷᠡᠬᠦ᠌᠎ᠪᠠᠨ ᠪᠤᠯᠢᠨ᠎ᠠ

ᠬᠡᠳᠦᠨ ᠡᠳᠦᠷ ᠳᠠᠷᠠᠭᠠᠯᠠᠵᠤ

ᠡᠭᠦᠯᠡᠳᠦᠭ᠌ᠰᠡᠨ ᠭᠡᠮᠡᠷ




ᠬᠤᠵᠢᠮ᠎ᠨᠢ ᠤᠳᠠᠯ ᠦᠭᠡᠢ

ᠱᠢᠨ᠎ᠡ ᠭᠡᠱᠢᠭᠦᠨ ᠨᠡᠮᠡᠭ᠌ᠳᠡᠨ᠎ᠡ

ᠬᠡᠪ᠎ᠤᠨ ᠪᠠᠢᠳᠠᠯ᠎ᠳᠠᠭᠠᠨ ᠤᠷᠤᠵᠤ

ᠬᠦᠮᠦᠨ᠎ᠤ ᠣᠷᠴᠢᠯᠠᠩ᠎ᠢ

ᠬᠠᠭᠤᠴᠢᠯᠠᠬᠤ ᠭᠡᠮᠡᠷ




ᠡᠳᠦᠷ ᠡᠳᠦᠷ ᠬᠡᠳᠦᠨ ᠡᠪᠦᠭᠡᠳ

ᠠᠭᠤᠳᠠᠮ ᠲᠠᠯᠠᠪᠠᠢ᠎ᠠᠴᠠ ᠪᠤᠴᠠᠬᠤ᠎ᠨᠢ

ᠦᠨᠡᠬᠡᠷ ᠴᠠᠭ᠎ᠤᠨ ᠵᠡᠭᠦᠦ ᠭᠡᠮᠡᠷ



     ᠲᠦᠭᠡᠷᠢᠯ

ᠵᠢᠷᠦᠬᠡᠨ᠎ᠳᠤ ᠪᠠᠢᠭ᠍ᠰᠠᠨ ᠦᠭᠡ

ᠵᠦᠳᠡᠵᠦ᠍ ᠵᠦᠳᠡᠵᠦ᠍

ᠠᠮᠠ᠎ᠪᠠᠷ ᠭᠠᠷᠬᠤ᠎ᠳᠠᠭᠠᠨ

ᠦᠩᠭᠡ᠎ᠨᠢ ᠬᠤᠪᠢᠷᠠᠵᠦ᠍

ᠦᠰᠦᠳ ᠦᠭᠡᠷ᠎ᠡ

ᠪᠤᠯᠴᠢᠬᠠᠨ᠎ᠠ




ᠵᠢᠷᠦᠬᠡ᠎ᠨᠢ ᠠᠮᠠ᠎ᠪᠠᠨ ᠰᠡᠵᠢᠭ᠌ᠯᠡᠨ᠎ᠡ

ᠠᠮᠠ᠎ᠨᠢ ᠴᠦ᠍

ᠪᠡᠶ᠎ᠡ᠎ᠪᠠᠨ ᠰᠡᠵᠢᠭ᠌ᠯᠡᠨ᠎ᠡ

ᠪᠦᠷ ᠰᠡᠭᠦᠯᠡᠷ᠎ᠨᠢ

ᠨᠡᠷ᠎ᠡ᠎ᠪᠠᠨ ᠮᠠᠷᠲᠠᠵᠤ

ᠲᠦᠭᠡᠷᠢᠨ᠎ᠡ


ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号