ᠦᠯᠡᠮᠵᠢ ᠭᠤᠨᠢᠭ᠂ ᠬᠢᠰᠠᠬᠤ ᠣᠢᠳᠭᠠᠷᠤᠨ ᠳᠤᠮᠳᠠ
ᠦᠨᠢ ᠬᠤᠯᠠ᠎ᠶ᠋ᠢᠨ ᠳᠥᠷᠪᠡᠨ ᠰᠠᠷᠠᠶ᠋ᠢ ᠬᠥᠭ᠌ᠵᠢᠮᠳᠡᠵᠦ᠍ ᠰᠠᠭᠤᠬᠤ᠎ᠳᠤ
ᠣᠷᠴᠢᠯᠠᠩ ᠲᠡᠢᠮᠦ᠍ ᠭᠤᠶᠤ ᠪᠠᠢᠭ᠍ᠰᠠᠨ᠎ᠢ ᠰᠡᠷᠡᠭᠡ ᠦᠭᠡᠢ
ᠦᠯᠢᠭᠡᠷ᠎ᠤᠨ ᠬᠥᠮᠦᠨ ᠪᠦᠷ ᠶᠠᠪᠤᠴᠢᠬᠠᠨ᠎ᠠ ᠭᠡᠵᠦ᠍ ᠰᠠᠨᠠᠭ᠎ᠠ ᠦᠭᠡᠢ
ᠠᠶᠠᠯᠤᠭ᠍ᠰᠠᠨ ᠳᠠᠭᠤᠤ᠂ ᠪᠠᠯᠭᠤᠭ᠍ᠰᠠᠨ ᠲᠠᠷᠠᠰᠤᠨᠤ ᠠᠮᠲᠠ᠎ᠠᠴᠠ
ᠤᠷᠭᠤᠨ ᠴᠡᠴᠡᠭ᠌ᠯᠡᠬᠦ᠌ ᠲᠡᠷᠡ ᠦᠳᠡᠰᠢ ᠯᠠ ᠪᠣᠳᠤᠭ᠍ᠳᠠᠨᠠ
ᠣᠷᠤᠮᠳᠠᠭ᠍ᠰᠠᠨ ᠪᠤᠭᠤ ᠡᠯᠦᠢᠷᠡᠭ᠌ᠰᠡᠨ ᠬᠥᠪᠴᠢ᠎ᠶ᠋ᠢᠨ ᠭᠦᠨᠳᠤ
ᠦᠳᠡᠰᠢ ᠪᠦᠷᠢ᠎ᠶ᠋ᠢᠨ ᠳᠥᠮᠡᠨ ᠤᠳᠤᠳ᠎ᠢ ᠱᠢᠷᠲᠡᠵᠦ᠍ ᠰᠠᠭᠤᠬᠤ᠎ᠳᠤ
ᠠᠭᠤᠯᠠᠰ ᠮᠢᠨᠢ ᠣᠯᠠᠨ ᠵᠢᠯ ᠱᠢᠨᠡᠯᠦᠨᠡ ᠭᠡᠵᠦ᠍ ᠮᠡᠳᠡᠭᠡ ᠦᠭᠡᠢ
ᠡᠷᠬᠢᠮᠰᠦᠭ ᠵᠠᠩ᠎ᠲᠠᠢ ᠴᠢ ᠮᠢᠨᠢ ᠱᠢᠪᠠᠭᠤ ᠬᠤᠪᠢᠯᠤᠨ᠎ᠠ ᠭᠡᠵᠦ᠍ ᠪᠣᠳᠤᠭ᠎ᠠ ᠦᠭᠡᠢ
ᠦᠵᠡᠰᠭᠦᠯᠡᠩᠲᠦ ᠤᠴᠠᠷᠠᠯ᠂ ᠢᠳᠡ᠎ᠲᠠᠢ ᠮᠥᠷᠦᠭᠡᠳᠦᠯ᠎ᠤᠨ ᠠᠮᠲᠠ᠎ᠠᠴᠠ
ᠠᠯᠳᠠᠭᠤᠯ ᠰᠠᠯᠬᠢ ᠱᠢᠭ᠋ ᠴᠢᠮ᠎ᠠ᠎ᠪᠠᠨ ᠴᠢᠮᠡᠭᠡ ᠦᠭᠡᠢ ᠡᠷᠢᠨ᠎ᠡ
ᠨᠡᠭᠦᠳᠡᠯ᠎ᠤᠨ ᠲᠡᠭ᠌ᠷᠢ᠎ᠳᠡᠭᠡᠨ ᠰᠥᠨᠢ ᠪᠦᠷᠢ ᠴᠢᠮ᠎ᠠ᠎ᠶᠢ ᠳᠥᠰᠦᠭᠡᠯᠡᠨ ᠪᠣᠳᠤᠬᠤᠢ
ᠨᠢᠳᠦᠨ᠎ᠤ ᠴᠢᠨᠢ ᠡᠷᠪᠡᠬᠡᠷ ᠬᠤᠶᠠᠷ ᠱᠢᠪᠠᠭᠤ᠎ᠶ᠋ᠢ ᠡᠷᠢᠭ᠌ᠰᠡᠭᠡᠷ ᠴᠥᠭᠦᠬᠦᠢ
ᠨᠢᠭᠦᠯ ᠴᠢᠨᠡᠭᠡᠨ ᠡᠭᠦᠯᠡᠰ ᠪᠣᠷᠤᠭᠠᠯᠠᠨ᠎ᠠ ᠭᠡᠮᠡᠨ ᠵᠣᠷᠢᠭ᠎ᠠ ᠦᠭᠡᠢ ᠳ᠋ᠠ
ᠨᠢᠭᠤᠵᠤ ᠬᠠᠢᠷᠠᠯᠠᠯᠴᠠᠭ᠍ᠰᠠᠨ ᠬᠤᠶᠠᠷ᠎ᠤᠨ ᠵᠦᠭ᠎ᠨᠢ ᠲᠣᠳᠣᠬᠠᠨ ᠬᠠᠷᠠᠭ᠍ᠳᠠᠬᠤᠢ
ᠮᠠᠭᠠᠳ ᠠᠷᠪᠠᠨ ᠵᠢᠯ᠂ ᠬᠤᠷᠢᠨ ᠵᠢᠯ ᠴᠤ᠌ ᠤᠷᠤᠰ᠎ᠤᠨ ᠤᠳᠬᠤᠢ
ᠮᠠᠷᠠᠯ ᠮᠡᠴᠢᠳ᠎ᠤᠨ ᠣᠷᠤᠨ᠎ᠳᠤ ᠬᠤᠶᠠᠭᠤᠯᠠ᠎ᠪᠠᠨ ᠤᠴᠠᠷᠠᠬᠤ ᠦᠦ ᠳ᠋ᠠ
ᠮᠢᠨᠦ᠍ ᠵᠢᠷᠦᠬᠡᠨ᠎ᠠᠴᠠ ᠴᠢᠨᠤ ᠵᠢᠷᠦᠬᠡᠨ᠎ᠳᠤ
ᠮᠥᠢᠯ ᠦᠷᠢᠯ᠎ᠤᠨ ᠴᠡᠴᠡᠭᠡᠨ᠎ᠳᠤ ᠬᠠᠢᠷ᠎ᠠ ᠰᠡᠳᠭᠢᠯ ᠮᠢᠨᠢ ᠨᠢᠭᠤᠴᠠᠯᠠᠨᠠ
ᠮᠥᠢᠯ ᠦᠷᠢᠯ᠎ᠤᠨ ᠴᠢᠨᠠᠲᠤ᠎ᠳᠤ ᠬᠤᠶᠠᠭᠤᠯᠠ᠎ᠶ᠋ᠢᠨ ᠤᠴᠠᠷᠠᠯ ᠨᠢᠭᠤᠴᠠᠯᠠᠭ᠍ᠳᠠᠨᠠ
ᠰᠡᠭᠦᠯᠴᠢ᠎ᠶ᠋ᠢᠨ ᠠᠶᠠᠨ᠂ ᠰᠡᠭᠦᠯᠴᠢ᠎ᠶ᠋ᠢᠨ ᠵᠠᠮ᠂ ᠰᠡᠭᠦᠯᠴᠢ᠎ᠶ᠋ᠢᠨ ᠦᠭᠡ ᠮᠢᠨᠢ ᠳ᠋ᠠ
ᠰᠦᠮᠡᠬᠡᠷ ᠲᠡᠭ᠌ᠷᠢ᠎ᠶ᠋ᠢᠨ ᠲᠥᠮᠡᠨ ᠤᠳᠤᠳ᠎ᠠᠴᠠ ᠵᠠᠢᠳᠠᠭᠤᠬᠠᠨ ᠣᠷᠣᠱᠢᠬᠤ
ᠰᠡᠳᠡᠷ᠎ᠲᠠᠢ ᠡᠬᠡ ᠣᠷᠤᠨ᠎ᠤ ᠮᠢᠨᠢ ᠠᠭᠤᠯᠠ ᠬᠠᠢᠷᠬᠠᠨ᠎ᠳᠤ ᠮᠥᠩᠭᠡᠵᠢᠨ ᠬᠤᠪᠢᠯᠬᠤ ᠶᠤᠮ