ᠬᠦᠮᠦᠨ ᠪᠣᠯ ᠳᠡᠭᠡᠳᠦ ᠲᠡᠰ᠎ᠤᠨ ᠠᠮᠢᠲᠠᠨ ᠭᠡᠲᠡᠭ᠃ ᠨᠡᠬᠡᠷᠡᠨ ᠪᠢᠳᠡᠨ ᠳ᠋ᠦ ᠰᠡᠳᠭᠢᠵᠦ᠍ ᠪᠣᠳᠣᠯᠬᠢᠯᠠᠬᠤ ᠰᠡᠴᠡᠨ ᠮᠡᠷᠭᠡᠨ ᠣᠶᠣᠨ ᠤᠬᠠᠭᠠᠨ᠂ ᠲᠡᠩᠴᠡᠭᠦᠷᠢ᠎ᠪᠠᠨ ᠠᠯᠳᠠᠬᠤ ᠦᠭᠡᠢ ᠪᠣᠰᠤᠭ᠎ᠠ ᠬᠤᠶᠠᠷ ᠬᠥᠯ᠂ ᠣᠯᠠᠨ ᠠᠷᠪᠢᠨ ᠵᠦᠢᠯᠡᠰ᠎ᠢ ᠣᠷᠠᠯᠠᠨ ᠪᠥᠲᠦᠭᠡᠵᠦ᠍ ᠴᠢᠳᠠᠳᠠᠭ ᠬᠤᠶᠠᠷ ᠭᠠᠷ᠎ᠲᠠᠢ ᠪᠠᠢᠵᠦ᠂ ᠬᠣᠷᠸ᠎ᠠ᠎ᠶᠢᠨ ᠦᠭᠡᠷ᠎ᠡ ᠪᠤᠰᠤᠳ ᠠᠮᠢᠲᠠᠨ᠎ᠠᠴᠠ ᠢᠯᠭᠠᠭ᠍ᠳᠠᠬᠤ ᠣᠨᠴᠠᠭᠠᠢ ᠳᠠᠪᠠᠭᠤᠯᠢᠭ ᠲᠠᠯ᠎ᠠ ᠲᠠᠢ ᠶᠣᠮ᠃ ᠠᠮᠢᠲᠠᠳ ᠣᠢ ᠤᠬᠠᠭᠠᠨ᠎ᠲᠠᠢ ᠭᠡᠲᠡᠭ ᠴᠤ᠌ ᠬᠦᠮᠥᠰ ᠡᠷᠬᠡᠱᠢᠶᠡᠯᠳᠡᠭᠡᠨ ᠣᠷᠣᠭᠤᠯᠵᠤ᠂ ᠭᠠᠷᠰᠢᠭᠣᠯᠵᠦ ᠴᠢᠳᠠᠳᠠᠭ᠃ ᠨᠣᠬᠠᠢ ᠦᠨᠦᠷ᠎ᠲᠤ ᠮᠠᠰᠢ ᠰᠡᠷᠭᠡᠭ ᠲᠤᠯᠠ ᠬᠦᠮᠥᠰ ᠲᠡᠬᠦᠨᠢᠠᠰᠢᠬᠯᠠᠵᠦ ᠬᠦᠮᠦᠨ ᠠᠪᠤᠷᠠᠬᠤ᠂ ᠬᠤᠣᠷ ᠠᠷᠠᠯᠵᠢᠶᠠᠯᠠᠭ᠍ᠴᠢᠶ᠋ᠢ ᠪᠠᠷᠢᠪᠴᠢᠯᠠᠬᠤ᠂ ᠭᠠᠮᠱᠢᠭ᠍ᠲᠤ ᠣᠷᠣᠨ᠎ᠳᠤ ᠠᠪᠤᠷᠠᠯᠲᠠ ᠬᠢᠲᠡᠭ᠃ ᠭᠡᠬᠦ ᠳ᠋ᠡᠭᠡᠨ ᠨᠣᠬᠠᠢ ᠡᠨᠡ ᠪᠥᠬᠦᠨ᠎ᠢ ᠥᠪᠡᠷ᠎ᠢᠶᠠᠨ ᠬᠢᠵᠦ᠍ ᠳᠡᠢᠯᠬᠦ᠌ ᠪᠢᠰᠢ᠂ ᠬᠠᠷᠢᠨ ᠬᠦᠮᠥᠰ ᠤᠷᠲᠤ ᠬᠤᠭᠤᠴᠠᠭ᠎ᠠ᠎ᠪᠠᠷ ᠪᠣᠯᠪᠠᠰᠤᠷᠠᠭᠤᠯᠤᠭ᠍ᠰᠠᠨᠤ ᠳ᠋ᠦᠩ᠎ᠳᠤ ᠰᠠᠶᠢ ᠡᠢᠮᠦ᠍ᠷᠬᠦᠦ ᠴᠢᠲᠠᠪᠣᠷᠢ᠎ᠶᠢ ᠡᠵᠡᠮᠰᠢᠲᠡᠭ᠃
ᠪᠢᠳᠡ ᠬᠠᠮᠢᠭ᠎ᠠ ᠨᠢᠭᠡ ᠭᠠᠵᠠᠷ ᠬᠦᠷᠪᠡᠯ ᠲᠤᠬᠠᠢ᠎ᠶ᠋ᠢᠨ ᠭᠠᠵᠠᠷ᠎ᠤᠨ ᠰᠣᠶᠣᠯ ᠢᠷᠭᠡᠨᠱᠢᠯ᠎ᠢ ᠣᠢᠯᠠᠭᠠᠬᠣ ᠭᠡᠮᠡᠵᠦ᠍ ᠮᠦᠽᠧᠢ᠂ ᠨᠡᠷᠡᠲᠦ ᠦᠵᠡᠮᠵᠢ᠎ᠶ᠋ᠢᠨ ᠣᠷᠣᠨ ᠪᠣᠶᠣ ᠡᠷᠲᠡᠨ᠎ᠤ ᠬᠠᠭᠤᠴᠢ ᠪᠠᠭᠤᠷᠢ ᠪᠡᠷ ᠲᠣᠭᠤᠷᠢᠳᠠᠭ᠃ ᠲᠡᠭᠡᠭᠡᠳ ᠳᠠᠢᠯᠪᠦᠷᠢᠯᠠᠭ᠍ᠴᠢᠶ᠋ᠢ ᠳᠠᠭᠠᠵᠤ᠂ ᠡᠷᠲᠡᠨ᠎ᠤ ᠬᠥᠮᠥᠰ᠎ᠤᠨ ᠬᠡᠷᠡᠭ᠌ᠯᠡᠵᠦ᠍ ᠪᠠᠢᠭ᠍ᠰᠠᠨ ᠡᠳ᠋ ᠬᠤᠭ᠍ᠰᠢᠯ᠂ ᠬᠤᠪᠴᠠᠰᠤ ᠵᠡᠭᠦᠭᠡᠯ᠂ ᠦᠯᠢᠭᠡᠷ ᠲᠣᠮᠤᠭᠢ ᠣᠢᠯᠠᠭᠠᠵᠦ ᠮᠡᠳᠡᠳᠡᠭ᠃ ᠲᠡᠭᠡᠬᠦ᠎ᠳᠡᠭᠡᠨ ᠪᠢᠳᠠᠨ᠎ᠤ ᠦᠵᠡᠵᠦ᠍ ᠰᠣᠨᠢᠷᠬᠠᠵᠤ ᠪᠠᠢᠬᠤ ᠵᠦᠢᠯ ᠪᠦᠬᠦᠨ᠎ᠢ ᠡᠷᠲᠡᠨ᠎ᠤ ᠬᠥᠮᠥᠰ ᠬᠤᠢᠴᠢ ᠦᠶ᠎ᠡ᠎ᠳᠡᠭᠡᠨ ᠣᠢᠯᠠᠭᠠᠭᠣᠯᠵᠦ ᠮᠡᠳᠡᠭᠦᠯᠬᠦ᠌ ᠵᠣᠷᠢᠯᠭ᠎ᠠ ᠪᠡᠷ ᠦᠯᠡᠳᠡᠭᠡᠭ᠌ᠰᠡᠨᠢ ᠣᠯᠠᠨ ᠲᠡᠮᠲᠡᠭ᠌ᠯᠡᠯ᠎ᠲᠠᠢ ᠬᠠᠷᠢᠴᠠᠭᠤᠯᠵᠦ᠍ ᠰᠤᠳᠤᠯᠵᠤ ᠪᠠᠢᠭᠠᠳ ᠪᠣᠢ᠍ᠷᠢᠨ ᠪᠣᠯᠭᠠᠭ᠍ᠰᠠᠨ ᠣᠴᠢᠷᠲᠠᠢ᠃ ᠬᠠᠭᠤᠴᠢ ᠪᠠᠭᠤᠷᠢ᠂ ᠬᠠᠳᠠᠨ ᠵᠢᠷᠤᠭ᠎ᠢ ᠴᠢᠳᠠᠯ᠎ᠤᠨ᠎ᠢᠶᠠᠨ ᠬᠢᠷᠢ᠎ᠪᠠᠷ ᠤᠭ ᠬᠡᠯᠪᠡᠷᠢ᠎ᠶ᠋ᠢ᠎ᠨᠢ ᠠᠯᠳᠠᠭᠤᠯᠤᠯ ᠦᠭᠡᠢ ᠬᠠᠮᠠᠭᠠᠯᠠᠵᠦ᠍ ᠦᠯᠡᠳᠡᠭᠡᠭ᠌ᠰᠡᠨᠤᠬᠢ ᠶᠤᠮ᠃
ᠠᠮᠢᠳᠤ ᠶᠠᠪᠤᠪᠠᠯ ᠠᠯᠲᠠᠨ ᠠᠶᠠᠭᠠᠨ᠎ᠠᠴᠠ ᠤᠰᠤ ᠤᠤᠭᠤᠨ᠎ᠠ ᠭᠡᠳᠡᠭ᠃ ᠡᠨᠡ ᠴᠦ᠍ ᠣᠷᠣ ᠲᠠᠢ ᠦᠭᠡ᠃ ᠵᠠᠷᠢᠮ ᠵᠠᠯᠠᠭᠤᠴᠤᠳ ᠮᠥᠩᠭᠦ᠌ ᠵᠣᠭᠤᠰ᠂ ᠨᠡᠷ᠎ᠡ ᠲᠦᠷᠥ᠎ᠶ᠋ᠢᠨ ᠲᠥᠯᠥᠭᠡ ᠰᠦᠯᠵᠢᠶᠡᠨ ᠳᠡᠭᠡᠷ᠎ᠡ ᠱᠢᠭᠤᠳ ᠨᠡᠪᠲᠡᠷᠡᠭᠦᠯᠭᠡ ᠬᠢᠵᠦ᠍᠂ ᠦᠨᠳᠦᠷ ᠠᠰᠠᠷ᠎ᠠᠴᠠ ᠶᠠᠮᠠᠷ ᠴᠤ᠌ ᠠᠮᠤᠷ ᠳᠥᠪᠱᠢᠨᠤ ᠪᠠᠲᠤᠯᠠᠭ᠎ᠠ ᠦᠭᠡᠢ᠎ᠪᠠᠷ ᠦᠰᠦᠷᠬᠦ᠂ ᠠᠰᠠᠷ᠎ᠤᠨ ᠬᠤᠭᠤᠷᠣᠨᠳᠤᠭᠣᠷ ᠪᠤᠯᠤᠳ ᠳᠡᠭᠡᠰᠦ ᠲᠠᠲᠠᠵᠤ ᠲᠡᠩᠴᠡᠬᠦᠷᠢᠰᠢᠬᠦᠯᠦᠨ ᠠᠯᠬᠣᠬᠣ᠂ ᠤᠭ᠍ᠲᠠᠷᠭᠤᠢ᠎ᠠᠴᠠ ᠱᠢᠬᠦᠷ᠎ᠢᠶᠠᠷ ᠪᠠᠭᠤᠬᠤ ᠵᠡᠷᠭᠡ ᠠᠶᠤᠮᠱᠢᠭ᠍ᠲᠤ ᠬᠦᠳᠡᠯᠭᠡᠭᠡᠨ ᠬᠢᠵᠦ᠍ ᠪᠠᠢᠭᠠᠳ ᠠᠳᠡᠭ᠌ᠳᠡᠯ ᠭᠠᠷᠴᠦ᠍᠂ ᠬᠠᠢᠷᠠᠨ ᠠᠮᠢ᠎ᠪᠠᠨ ᠠᠯᠳᠠᠵᠤ ᠪᠠᠢᠬᠤ᠎ᠶ᠋ᠢ ᠬᠠᠷᠠᠬᠣ ᠪᠣᠯᠭᠠᠨ ᠦᠨᠡᠬᠡᠷ ᠰᠡᠳᠭᠢᠯ ᠱᠢᠮᠱᠢᠷᠡᠵᠦ᠍ ᠤᠬᠠᠭᠠᠨ ᠪᠠᠯᠠᠷᠠᠨ᠎ᠠ᠃
《ᠲᠣᠯᠣᠭᠠᠨ ᠲᠥᠷᠥᠯ ᠰᠣᠯᠢᠮᠠᠨᠵᠢᠨ ᠰᠠᠶᠢ ᠬᠥᠮᠥᠨ ᠪᠣᠯᠵᠤ ᠵᠠᠶᠠᠭᠠᠳᠠᠭ》 ᠭᠡᠵᠦ ᠨᠠᠰᠣᠲᠠᠢᠴᠣᠳ ᠬᠠᠭᠣᠴᠢᠯᠠᠵᠦ ᠶᠠᠷᠢᠲᠠᠬ᠃ ᠶᠠᠬ ᠡᠢᠮᠦ ᠡᠴᠡ ᠪᠢᠳᠡ ᠡᠨᠡ ᠲᠥᠷᠥᠯ᠎ᠳᠡᠭᠡᠨ ᠬᠥᠮᠥᠨ ᠪᠣᠯᠵᠤ ᠵᠠᠶᠠᠭᠠᠭ᠍ᠰᠠᠨᠨᠢ ᠬᠤᠪᠢ ᠢᠷᠦᠭᠡᠯ ᠰᠠᠢᠨ ᠭᠡᠲᠡᠭ᠎ᠤᠨ ᠣᠴᠢᠷ ᠪᠠᠢᠭ᠎ᠠ ᠪᠢᠯᠡ᠃ ᠡᠨᠡᠷᠢᠯᠲᠦ ᠡᠵᠢᠶ᠋ᠢᠪᠠᠨ ᠠᠷᠪᠠᠨ ᠰᠠᠷ᠎ᠠ ᠵᠣᠪᠠᠭᠠᠵᠤ᠂ ᠠᠯᠢᠶ᠎ᠠ ᠦᠷ᠎ᠡ᠎ᠨᠢ ᠪᠣᠯᠵᠤ ᠵᠠᠶᠠᠭᠠᠬᠤ᠎ᠳᠤ 《ᠠᠢ ᠳ᠋ᠠ ᠦᠷ᠎ᠡ ᠮᠢᠨᠢ᠂ ᠭᠥᠬᠡ ᠲᠡᠭ᠌ᠷᠢ᠎ᠶ᠋ᠢᠨ ᠳᠣᠣᠷ᠎ᠠ᠂ ᠬᠥᠷᠥᠰᠥᠲᠦ ᠠᠯᠲᠠᠨ ᠳᠡᠯᠡᠬᠡᠢ᠎ᠶ᠋ᠢᠨ ᠳᠡᠭᠡᠷ᠎ᠡ ᠥᠪᠡᠷ᠎ᠤᠨ ᠭᠡᠰᠡᠨ ᠠᠲᠠᠯ ᠦᠢᠯᠡᠰ᠎ᠢᠶᠠᠨ ᠪᠣᠰᠭᠠᠵᠦ᠍᠂ ᠬᠠᠷᠠᠩᠭᠤᠢ᠎ᠶ᠋ᠢᠨ ᠳᠤᠮᠳᠠ᠎ᠠᠴᠠ ᠭᠡᠭᠡ ᠬᠦᠷᠲᠡᠵᠦ᠍᠂ ᠬᠠᠷᠭᠢᠰ᠎ᠤᠨ ᠳᠤᠮᠳᠠ᠎ᠠᠴᠠ ᠱᠢᠯᠤᠭᠤᠨᠢ ᠣᠯᠵᠤ᠂ ᠬᠦᠮᠥᠨ᠎ᠤ ᠳᠠᠢᠲᠠᠢ ᠰᠠᠢᠬᠠᠨ ᠠᠮᠢᠳᠤᠷᠠᠲᠤᠭᠠᠢ!》 ᠭᠡᠵᠦ᠍ ᠢᠷᠦᠭᠡᠨ ᠵᠦᠩᠨᠡᠳᠡᠭ᠃ ᠬᠥᠮᠥᠨ ᠪᠣᠯᠵᠤ ᠵᠠᠶᠠᠭᠠᠬᠤ ᠭᠡᠵᠦ ᠨᠡᠬᠡᠷᠡᠨ ᠬᠢᠯᠪᠡᠷ ᠪᠣᠰᠣ ᠶᠠᠪᠣᠲᠠᠯ ᠰᠢᠦ᠂ ᠪᠢᠳᠠ ᠬᠦᠮᠥᠨ ᠪᠣᠯᠵᠤ ᠵᠠᠶᠠᠭᠠᠭ᠍ᠰᠠᠨᠳᠠᠭᠠᠨ ᠣᠮᠣᠭ᠍ᠰᠢᠵᠤ ᠵᠣᠷᠢᠭ᠍ᠵᠢᠵᠤ᠂ ᠠᠮᠢ ᠨᠠᠰᠤ᠎ᠪᠠᠨ ᠬᠠᠢᠷᠠᠯᠠᠨ ᠨᠠᠨᠳᠢᠩᠨᠠᠬᠣᠶᠢ ᠡᠭᠡᠨᠡᠭᠲᠡ ᠬᠢᠴᠢᠶᠡᠵᠦ ᠶᠠᠪᠣᠬᠣ ᠨᠢ ᠲᠠᠭᠠᠷᠠᠨ᠎ᠠ᠃
ᠬᠡᠳᠦᠢᠪᠡᠷ ᠪᠢ ᠬᠡᠦᠬᠡᠨ ᠦᠷ᠎ᠡ ᠪᠣᠯᠵᠤ ᠵᠠᠶᠠᠭᠠᠭ᠍ᠰᠠᠨ ᠴᠤ᠌ ᠠᠪᠤ ᠮᠢᠨᠢ ᠨᠠᠮᠠᠶ᠋ᠢ ᠭᠠᠷ᠎ᠢ ᠭᠠᠨᠵᠤᠭᠠᠨ᠎ᠳᠤ᠂ ᠬᠥᠯ᠎ᠢ ᠳᠥᠷᠥᠭᠡᠨ᠎ᠳᠤ ᠬᠦᠷᠭᠡᠵᠦ᠍᠂ ᠬᠦᠦ᠍᠎ᠠᠴᠠ ᠳᠤᠲᠠᠯ ᠦᠭᠡᠢ ᠥᠰᠭᠡᠨ ᠬᠥᠮᠥᠵᠢᠭᠦᠯᠦᠭᠰᠡᠨ ᠶᠣᠮ᠃ ᠡᠵᠢ ᠮᠢᠨᠢ ᠲᠡᠩᠲᠡ᠄《ᠡᠳ᠋ᠢᠶᠠᠷ ᠪᠡᠶ᠎ᠡ᠎ᠪᠠᠨ ᠴᠢᠮᠡᠬᠦ᠌ᠪᠠᠷ ᠡᠷᠳᠡᠮ᠎ᠢᠶᠠᠷ ᠪᠡᠶ᠎ᠡ᠎ᠪᠠᠨ ᠴᠢᠮᠡᠵᠦ᠍ ᠶᠠᠪᠤᠭᠠᠷᠠᠢ! ᠪᠦᠰᠡᠭᠦᠢ ᠬᠥᠮᠥᠨ ᠪᠣᠯ ᠠᠢᠯ ᠭᠡᠷ᠎ᠤᠨ ᠴᠢᠮᠡᠭ ᠪᠣᠯᠳᠠᠭ》 ᠭᠡᠵᠦ᠍ ᠠᠷᠢᠭᠤᠨ ᠨᠠᠨᠳᠢᠨ ᠰᠤᠷᠭᠠᠯ᠎ᠢᠶᠠᠨ ᠬᠠᠢᠷᠠᠯᠠᠬᠰᠠᠨ ᠶᠣᠮ᠃ ᠶᠠᠬ ᠡᠢᠮᠦ ᠡᠴᠡ ᠪᠢ ᠠᠪᠤ ᠡᠵᠢ᠎ᠶ᠋ᠢᠨ᠎ᠢᠶᠠᠨ ᠠᠴᠢ ᠬᠠᠢᠷ᠎ᠠ᠎ᠶ᠋ᠢ ᠬᠦᠨᠳᠦᠳᠭᠡᠵᠦ᠍ ᠶᠠᠪᠤᠳᠠᠭ ᠪᠥᠭᠡᠳ ᠲᠡᠳᠡᠨ᠎ᠤ ᠠᠴᠢ᠎ᠪᠠᠷ ᠡᠷᠡᠭᠦᠯ ᠴᠢᠭᠢᠷᠠᠭ᠂ ᠥᠨᠳᠥᠷ ᠰᠣᠶᠣᠯ ᠮᠡᠳᠡᠯᠭᠡ᠎ᠲᠠᠢ ᠬᠥᠮᠥᠨ ᠪᠣᠯᠬᠣ ᠪᠡᠷ ᠵᠢᠳᠬᠦᠲᠡᠭ᠃
ᠨᠡᠢᠬᠡᠮ ᠥᠳᠲᠡᠷ ᠲᠦᠷᠭᠡᠨ ᠬᠥᠭ᠌ᠵᠢᠭ᠌ᠰᠡᠨ᠎ᠠᠴᠠ ᠬᠤᠲᠠ ᠭᠠᠵᠠᠷ ᠠᠰᠠᠷ ᠲᠠᠭ᠍ᠲᠤ ᠰᠡᠬᠦᠢᠨ᠂ ᠮᠠᠱᠢᠨ ᠲᠡᠷᠭᠡ ᠵᠦᠷᠢᠯᠳᠦᠵᠦ᠂ ᠣᠷᠣᠢ ᠦᠳᠡᠰᠢ᠎ᠪᠠᠷ ᠨᠡᠩ ᠴᠤ᠌ ᠭᠡᠭᠡᠨ ᠴᠠᠭᠠᠨ ᠡᠳᠦᠷ ᠱᠢᠭ ᠴᠠᠬᠢᠯᠭᠠᠨ ᠳ᠋ᠧᠩ ᠰᠠᠴᠣᠷᠠᠭᠠᠳ ᠠᠵᠢᠯ᠎ᠳᠠᠭᠠᠨ ᠶᠠᠭᠠᠷᠠᠭ᠍ᠰᠠᠨ ᠬᠥᠮᠥᠰ ᠰᠥᠨᠢ᠎ᠳᠡᠭᠡᠨ ᠠᠷᠢᠬᠢᠨ ᠮᠣᠬᠤᠯᠠᠭ᠎ᠢᠶᠠᠷ ᠨᠠᠭᠠᠳᠤᠨ ᠴᠡᠩᠬᠡᠵᠦ᠍ ᠪᠠᠢᠬᠤ᠎ᠶ᠋ᠢ ᠬᠠᠷᠠᠪᠠᠯ ᠬᠡᠳᠦᠢ ᠰᠠᠢᠬᠠᠨ ᠪᠣᠢ ᠭᠡᠵᠦ᠍ ᠠᠲᠠᠭᠠᠷᠬᠠᠬᠤ᠎ᠨᠢ ᠯᠠᠪᠲᠠᠢ᠂ ᠡᠨᠡ ᠪᠣᠯ ᠬᠤᠲᠠ᠎ᠶ᠋ᠢᠨ ᠬᠥᠮᠥᠰ᠎ᠤᠨ ᠵᠢᠷᠭᠠᠯ ᠴᠡᠩᠭᠡᠯ ᠪᠠᠢᠵᠤ ᠲᠠᠭᠠᠷᠠᠨ᠎ᠠ᠃ ᠬᠠᠷᠢᠨ ᠬᠥᠳᠡᠭᠡ ᠨᠤᠲᠤᠭ᠎ᠲᠤ ᠲᠥᠷᠥᠭ᠌ᠰᠡᠨ ᠪᠢᠳᠠᠨ᠎ᠳᠤ ᠠᠪᠴᠤ᠌ ᠬᠡᠯᠡᠪᠡᠯ᠂ ᠬᠤᠲᠠ᠎ᠶ᠋ᠢᠨ ᠬᠢ ᠰᠢᠬ ᠰᠣᠨᠢᠭᠤᠴᠢ ᠰᠡᠳᠭᠢᠯ᠎ᠢ ᠪᠤᠯᠢᠶᠠᠮ᠎ᠠ ᠬᠠᠴᠢᠨ ᠰᠡᠪᠡᠭᠦᠨ ᠵᠤᠢᠯᠡᠰ ᠦᠭᠡᠢ ᠴᠤ᠌ ᠳᠡᠭᠡᠭ᠌ᠰᠢ ᠬᠠᠷᠠᠪᠠᠯ ᠭᠦᠨ ᠬᠥᠬᠡ ᠲᠡᠭ᠌ᠷᠢ᠂ ᠭᠦᠷᠳᠦᠨ ᠠᠯᠲᠠᠨ ᠨᠠᠷᠠ᠂ ᠬᠥᠪᠦᠩ ᠴᠠᠭᠠᠨ ᠡᠭᠦᠯᠡᠰ᠎ᠲᠠᠢ᠂ ᠳᠣᠷᠣᠭ᠍ᠰᠢ ᠬᠠᠷᠠᠪᠠᠯ ᠬᠡᠪᠢᠰ ᠱᠢᠭ ᠨᠣᠭᠤᠭᠠᠨ ᠲᠠᠯ᠎ᠠ᠎ᠲᠠᠢ᠂ ᠬᠠᠷᠠᠭᠠᠨ᠎ᠤ ᠴᠢᠯᠡᠭᠡ᠎ᠶ᠋ᠢ ᠳᠠᠢᠯᠬᠤ ᠣᠢ ᠮᠣᠳᠦ᠂ ᠬᠠᠷᠠᠴᠠ᠎ᠶ᠋ᠢ ᠪᠤᠯᠢᠶᠠᠬᠤ ᠥᠩᠭᠡ ᠢᠯᠭᠠᠷᠠᠮ᠎ᠠ ᠴᠡᠴᠡᠭᠡᠰ ᠳᠡᠯᠭᠡᠷᠡᠭᠡᠳ ᠬᠤᠲᠠ᠎ᠶ᠋ᠢᠨ ᠦᠵᠡᠰᠬᠦᠯᠡᠩ᠎ᠠᠴᠠ ᠢᠯᠡᠭᠦᠦ ᠬᠠᠷᠠᠭ᠎ᠠ ᠪᠣᠯᠢᠶᠠᠵᠦ ᠣᠷᠮ᠎ᠠ᠎ᠶᠢ ᠬᠦᠭᠵᠢᠭᠡᠨ᠎ᠡ᠃
ᠲᠡᠪᠵᠢᠶᠡᠨ᠎ᠲᠦ ᠬᠤᠲᠠ᠎ᠶ᠋ᠢᠨ ᠦᠲᠡᠰᠢ ᠬᠦᠷ ᠬᠦᠭ᠌ᠵᠢᠶᠡᠨ ᠶ᠋ᠢᠡᠷ ᠦᠷᠬᠦᠯᠵᠢᠯᠡᠬᠦ᠎ᠳᠤ ᠰᠡᠯᠡᠬᠦᠨ ᠬᠥᠳᠡᠭᠡ᠎ᠶ᠋ᠢᠨ ᠰᠥᠨᠢ ᠨᠠᠮ ᠵᠢᠮᠢᠶᠠᠷᠢᠶᠠᠨ ᠣᠨᠴᠠᠯᠠᠬᠲᠠᠵᠦ᠂ ᠬᠠᠶᠠ ᠨᠢᠭᠡ ᠴᠠᠷᠴᠠᠬᠠᠢ᠂ ᠮᠡᠯᠡᠬᠡᠢ᠎ᠶ᠋ᠢᠨ ᠳᠠᠭᠤ ᠰᠣᠨᠣᠰᠲᠠᠵᠤ ᠪᠡᠶ᠎ᠡ ᠰᠡᠳᠭᠢᠯ᠎ᠢ ᠠᠮᠤᠷᠵᠢᠭᠤᠯᠤᠨ᠎ᠠ᠃ ᠬᠥᠳᠡᠭᠡ ᠨᠤᠲᠤᠭ ᠠᠳᠡ᠎ᠨᠢ ᠰᠠᠢᠬᠠᠨ ᠲᠡᠨᠳᠡ᠎ᠨᠢ ᠭᠤᠶᠣ ᠭᠡᠵᠦ᠍ ᠶᠠᠷᠢᠯᠴᠠᠬᠤ᠎ᠶ᠋ᠢ ᠰᠣᠨᠣᠰᠣᠬᠰᠠᠨ ᠬᠤᠲᠠ᠎ᠶ᠋ᠢᠨ ᠪᠣᠷᠣᠴᠣᠣᠯ ᠴᠣᠬᠣᠮ ᠴᠢᠬᠢ᠎ᠪᠠᠨ ᠳᠡᠯᠳᠡᠢᠯᠭᠡᠵᠦ᠂ ᠰᠡᠳᠭᠢᠯ ᠳᠣᠲᠤᠷ᠎ᠠ᠎ᠪᠠᠨ ᠦᠨᠡᠨ ᠬᠤᠳᠠᠯ᠎ᠢ᠎ᠨᠢ ᠢᠲᠡᠭᠡᠵᠦ᠍ ᠶᠠᠳᠠᠨ᠂ ᠠᠮᠠᠷᠠᠯᠲᠠ᠎ᠶ᠋ᠢᠨ ᠴᠠᠭ᠎ᠢᠶᠠᠨ ᠠᠱᠢᠭ᠍ᠯᠠᠵᠤ ᠲᠡᠷᠭᠡ᠎ᠪᠠᠨ ᠵᠢᠯᠣᠭᠤᠳᠴᠤ᠌ ᠬᠥᠳᠡᠭᠡ ᠨᠤᠲᠤᠭ᠎ᠲᠤ ᠢᠷᠡᠭᠡᠳ ᠰᠠᠶᠢ ᠭᠠᠢᠬᠠᠰᠢ ᠠᠯᠳᠠᠵᠠᠭᠠᠳᠠᠭ᠃ ᠲᠡᠳᠡ ᠡᠭᠦᠯᠡ᠎ᠶ᠋ᠢ ᠦᠵᠡᠭᠡᠳ ᠮᠡᠯᠡᠷᠡᠨ᠎ᠡ᠂ ᠨᠡᠬᠦᠲᠡᠯᠯᠡᠬᠦ ᠡᠭᠦᠯᠡᠰ ᠵᠠᠷᠢᠮ᠎ᠳᠠᠭᠠᠨ ᠰᠡᠮᠡᠵᠡᠨ ᠥᠭᠡᠬᠦ᠌ ᠱᠢᠭ᠂ ᠵᠠᠷᠢᠮ᠎ᠳᠠᠭᠠᠨ ᠬᠥᠪᠦᠩ ᠱᠢᠭ ᠬᠥᠪᠦᠬᠦ᠌ ᠪᠣᠶᠣ ᠴᠡᠩᠬᠡᠷ ᠬᠥᠬᠡ ᠲᠡᠭ᠌ᠷᠢ ᠪᠣᠯᠵᠤ ᠬᠤᠪᠢᠷᠠᠨ ᠰᠣᠨᠢᠷᠬᠠᠯ᠎ᠢ ᠲᠠᠲᠠᠨ᠎ᠠ᠃ ᠦᠨᠳᠦᠷ ᠲᠡᠭ᠌ᠷᠢ᠎ᠶ᠋ᠢᠨ ᠲᠡᠢᠮᠦ᠍ ᠬᠥᠬᠡ ᠴᠡᠩᠬᠡᠷ ᠥᠩᠭᠡ᠎ᠶ᠋ᠢ ᠶᠠᠮᠠᠷ ᠵᠡᠷᠭᠡ᠎ᠶᠢᠨ ᠤᠷᠠᠨ ᠵᠢᠷᠤᠭ᠍ᠴᠢᠨ ᠴᠤ᠌ ᠵᠢᠷᠤᠵᠤ ᠭᠠᠷᠭᠠᠵᠤ ᠳᠡᠢᠯᠬᠦ᠌ ᠦᠭᠡᠢ ᠪᠠᠢᠬ᠎ᠠ ᠭᠡᠵᠦ᠍ ᠱᠠᠬᠰᠢᠷᠠᠨᠠ᠃ ᠬᠦᠬᠡ ᠣᠭ᠍ᠲᠠᠷᠭᠤᠢ᠎ᠶ᠋ᠢᠨ ᠣᠳᠣᠳ᠎ᠢ ᠲᠣᠭᠠᠯᠠᠨ ᠠᠮᠲᠠᠲᠤ ᠨᠣᠢᠷ᠎ᠲᠠᠭᠠᠨ ᠣᠷᠤᠵᠦ ᠶᠡᠬᠡ ᠪᠠᠢᠭᠠᠯᠢ᠎ᠶᠢᠨ ᠦᠯᠡᠮᠵᠢ᠎ᠶᠢᠨ ᠭᠠᠢᠬᠠᠮᠰᠢᠬ᠎ᠢ ᠡᠷᠬᠡ ᠦᠭᠡᠢ ᠪᠢᠰᠢᠷᠡᠬᠦ ᠶᠣᠮ᠃
ᠬᠥᠮᠥᠨ ᠪᠣᠯᠵᠤ ᠵᠠᠶᠠᠭᠠᠭ᠍ᠰᠠᠨᠨᠢ ᠮᠢᠨᠤ ᠣᠮᠣᠭ᠍ᠰᠢᠯ ᠮᠦᠷᠲᠡᠭᠡᠨ ᠬᠥᠳᠡᠭᠡ ᠨᠤᠲᠤᠭ᠎ᠲᠤ ᠦᠰᠦᠭᠰᠡᠨ᠎ᠨᠢ ᠮᠢᠨᠤ ᠪᠠᠭ᠍ᠠᠷᠬᠠᠯ᠃ ᠲᠡᠢᠮᠦ᠍ ᠡ᠂《 ᠴᠠᠭ ᠴᠠᠭ᠎ᠢᠶᠠᠷ᠎ᠢᠶᠠᠨ ᠪᠠᠢᠳᠠᠭ ᠦᠭᠡᠢ᠂ ᠴᠠᠬᠢᠯᠳᠠᠭ ᠬᠥᠬᠡ᠎ᠪᠠᠷ᠎ᠢᠶᠠᠨ ᠪᠠᠢᠳᠠᠭ ᠦᠭᠡᠢ》 ᠭᠡᠳᠡᠭ᠌ᠴᠢᠯᠡᠨ ᠨᠢᠰᠭᠦ ᠮᠡᠲᠦ ᠬᠥᠭ᠌ᠵᠢᠵᠦ᠍ ᠪᠠᠢᠭ᠎ᠠ ᠨᠡᠢᠬᠡᠮ᠎ᠤᠨ ᠤᠷᠤᠰᠭᠠᠯ᠎ᠳᠤ ᠪᠢᠳᠠ ᠳᠡᠭᠡᠳᠦ ᠵᠡᠷᠭᠡ᠎ᠶ᠋ᠢᠨ ᠣᠶᠤᠨ ᠤᠬᠠᠭᠠᠨ᠎ᠲᠠᠢ ᠬᠥᠮᠥᠨ ᠪᠣᠯᠵᠤ ᠠᠯᠲᠠᠨ ᠳᠡᠯᠡᠬᠡᠢ᠎ᠶᠢᠨ ᠲᠣᠭᠤᠰᠣ ᠬᠥᠳᠡᠯᠭᠡᠨ ᠶᠠᠪᠤᠬᠤ᠎ᠳᠠᠭᠠᠨ ᠣᠮᠣᠭ᠍ᠰᠢᠨ ᠵᠣᠷᠢᠭ᠍ᠵᠢᠪᠠᠯ ᠲᠠᠭᠠᠷᠠᠨ᠎ᠠ᠃ ᠨᠡᠩ ᠴᠤ᠌ ᠬᠥᠳᠡᠭᠡ ᠨᠤᠲᠤᠭ᠎ᠤᠨ ᠲᠣᠷᠭᠠᠨ ᠬᠥᠷᠥᠰᠦᠨ᠎ᠳᠤ ᠠᠯᠢᠶᠠᠷᠬᠠᠨ ᠲᠣᠭ᠍ᠯᠠᠵᠤ ᠲᠤᠷᠨᠢᠭᠤᠨ ᠰᠠᠢᠬᠠᠨ ᠥᠰᠦᠭ᠌ᠰᠡᠨ ᠨᠠᠮ᠎ᠠ᠎ᠲᠠᠢ ᠠᠳᠠᠯᠢᠬᠠᠨ ᠬᠥᠳᠡᠭᠡ ᠭᠠᠷᠤᠯ᠎ᠲᠠᠢ ᠬᠥᠮᠥᠰ ᠬᠥᠳᠡᠭᠡ ᠨᠤᠲᠤᠭ᠎ᠢᠶᠠᠨ ᠪᠠᠭ᠍ᠠᠷᠬᠠᠨ ᠬᠠᠢᠷᠠᠯᠠᠪᠠᠯ ᠲᠠᠭᠠᠷᠠᠨ᠎ᠠ᠃
ᠦᠰᠦᠭᠰᠡᠨ ᠨᠣᠲᠣᠬ ᠲᠦᠷᠦᠭᠰᠡᠨ ᠵᠠᠶᠠᠭ᠎ᠠ ᠮᠢᠨᠢ ᠦᠰᠴᠦ ᠦᠨᠲᠡᠢᠬᠦᠶᠢᠨ ᠮᠦᠩᠬᠡ᠎ᠶᠢᠨ ᠰᠠᠬᠢᠶ᠎ᠠ ᠪᠢᠯᠢᠦ᠃