ᠪᠤᠳᠤᠯ ᠭᠡᠮᠡᠬᠦ᠌ ᠬᠦᠯ ᠦᠭᠡᠢ ᠤᠰᠤᠨ
2026-05-13 10:40:21
ᠵᠣᠬᠢᠶᠠᠭ᠍ᠴᠢ᠄
ᠰ᠊·ᠪᠦᠬᠡᠴᠢᠯᠠᠭᠤ
ᠣᠩᠱᠢᠭ᠍ᠰᠠᠨ ᠣᠳᠠᠭ᠎ᠠ᠄
★★★☆☆

《ᠭᠢᠯᠢ ᠦᠭᠡᠢ ᠱᠢᠪᠠᠭᠤᠨ᠎ᠤ ᠡᠷᠭᠡ ᠴᠢᠯᠦᠭᠡ᠂ ᠭᠢᠵᠠᠭᠠᠷ ᠦᠭᠡᠢ ᠮᠦᠷᠦᠭᠡᠳᠦᠯ᠎ᠤᠨ ᠮᠦᠩᠭᠡ᠎ᠶ᠋ᠢᠨ ᠠᠶᠠᠯᠭᠤ ᠴᠦ᠍ ᠶᠤᠮ ᠤᠤ?》 ᠭᠡᠵᠦ᠍ ᠴᠢᠮᠠᠶ᠋ᠢ ᠰᠠᠨᠠᠬᠤ᠎ᠪᠠᠷ ᠠᠶᠤᠩᠭ᠎ᠠ ᠴᠠᠭᠢᠯᠭᠠᠨ ᠱᠢᠭ᠋ ᠬᠤᠷᠳᠤ ᠪᠤᠯᠤᠨ ᠠᠭ᠍ᠳᠠ ᠬᠦᠯᠦᠭ᠎ᠤᠨ ᠤᠩᠭᠤᠨ ᠪᠤᠰᠤᠭ᠎ᠠ ᠲᠡᠯ ᠱᠢᠭ ᠰᠦᠷ ᠭᠡᠷᠡᠯ ᠴᠢᠨᠢ ᠰᠡᠳᠭᠢᠯ᠎ᠤᠨ ᠮᠢᠨᠢ ᠭᠡᠭᠡᠪᠴᠢ᠎ᠪᠠᠷ ᠬᠤᠤᠰᠯᠠᠨ ᠤᠷᠤᠵᠦ᠍ ᠢᠷᠡᠬᠦ᠌᠎ᠶ᠋ᠢ ᠦᠭᠡ᠎ᠪᠠᠷ ᠢᠯᠡᠳᠭᠡᠬᠦ᠌᠎ᠶ᠋ᠢᠨ ᠠᠷᠭ᠎ᠠ ᠦᠭᠡᠢ᠃ ᠡᠴᠢᠨ᠎ᠡ ᠲᠠᠯᠳᠠ᠎ᠶ᠋ᠢᠨ ᠬᠦᠨ ᠴᠡᠩᠭᠡᠷ ᠶᠢᠷᠳᠢᠨᠴᠦ᠍᠎ᠳᠤ ᠨᠢᠰᠦᠨ ᠬᠦᠷᠬᠦ᠌ ᠵᠢᠬᠦᠷ ᠰᠣᠳᠦ᠍᠎ᠶ᠋ᠢ ᠢᠷᠯᠡᠳᠡᠭ ᠡᠷ᠎ᠡ᠎ᠶ᠋ᠢᠨ ᠤᠩᠭᠤᠨ ᠪᠤᠳᠤᠯ ᠮᠢᠨᠦ᠍!

ᠠᠮᠢ᠎ᠲᠠᠢ ᠪᠦᠬᠦᠨ᠎ᠤ ᠢᠳᠡᠭᠡᠯ᠂ ᠠᠮᠢᠳᠤᠷᠠᠵᠦ᠍ ᠤᠷᠤᠱᠢᠬᠤ᠎ᠶ᠋ᠢᠨ ᠨᠢᠭᠤᠴᠠ ᠴᠢ ᠪᠤᠶᠤ⁈

ᠴᠢ ᠬᠦᠭᠡ ᠲᠡᠭ᠌ᠷᠢ᠎ᠲᠠᠢ ᠬᠦᠰᠡᠯ᠎ᠢ ᠬᠤᠯᠪᠤᠵᠦ᠍᠂ ᠰᠠᠷᠠᠨ ᠪᠦᠮᠪᠦᠷᠴᠡᠭ ᠲᠡᠭᠡᠷ᠎ᠡ ᠭᠠᠷᠤᠭᠠᠳ ᠰᠠᠨᠠᠭ᠎ᠠ᠎ᠪᠠᠷ᠎ᠢᠶᠠᠨ ᠵᠢᠭᠤᠯᠴᠢᠯᠠᠨ᠎ᠠ᠃ ᠬᠦᠭᠡᠷᠬᠦ᠌᠎ᠳᠡᠭᠡᠨ ᠬᠦᠭᠡᠭᠡ ᠡᠪᠦᠯ᠎ᠤᠨ ᠮᠦᠰᠦᠨ ᠲᠡᠭᠡᠷ᠎ᠡ ᠬᠦᠯ ᠨᠢᠴᠦᠬᠦᠨ ᠵᠤᠭ᠍ᠰᠤᠭᠠᠳ ᠴᠡᠭᠡᠵᠢ᠎ᠪᠠᠨ ᠠᠯᠠᠭᠠᠳᠠᠵᠦ᠍ ᠬᠠᠳ᠂ ᠬᠠᠳ ᠢᠨᠢᠶᠡᠨ᠎ᠡ᠃ ᠠᠭᠤᠷᠯᠠᠬᠤ᠎ᠳᠠᠭᠠᠨ ᠭᠠᠯᠳᠤ ᠠᠭᠤᠯᠠ᠎ᠶ᠋ᠢ ᠭᠠᠭ᠍ᠴᠠᠬᠠᠨ ᠢᠰᠭᠦᠯᠵᠦ᠍ ᠤᠨᠠᠭᠠᠭᠠᠳ ᠲᠡᠭᠡᠷ᠎ᠡ᠎ᠨᠢ ᠲᠠᠩᠭᠠᠢᠵᠦ᠍ ᠭᠡᠪᠳᠡᠭᠡᠳ ᠲᠠᠭᠤᠤ ᠭᠢᠩᠱᠢᠨ᠎ᠡ᠃ ᠵᠡᠬᠦᠳᠦᠯᠡᠬᠦ᠌᠎ᠳᠡᠭᠡᠨ ᠵᠦᠩᠳᠡᠭᠡᠨ ᠪᠤᠷᠬᠠᠨ᠎ᠤ ᠠᠯᠠᠭᠠᠨ ᠲᠡᠭᠡᠷ᠎ᠡ ᠭᠡᠷᠡᠯ ᠪᠤᠯᠵᠦ᠍ ᠰᠠᠴᠤᠷᠠᠨ᠎ᠠ᠃

ᠨᠠᠷᠠ ᠰᠠᠷᠠ ᠬᠤᠶᠠᠷ᠎ᠢ ᠮᠦᠷᠦᠨ ᠲᠡᠭᠡᠷ᠎ᠡ᠎ᠪᠠᠨ ᠵᠢᠷᠭᠢᠬᠦᠯᠦᠭ᠌ᠰᠡᠨ ᠤᠬᠠᠭ᠎ᠠ ᠲᠠᠮᠢᠷ᠂ ᠨᠢᠭᠤᠴᠠ ᠲᠤᠪᠴᠢᠶᠠᠨ᠎ᠤ ᠮᠢᠨᠢ ᠨᠢᠭᠤᠴᠠ ᠴᠢ ᠪᠦᠯᠦᠭᠡ᠃

《ᠠᠮᠠᠨ᠎ᠤ ᠪᠡᠯᠭᠡ᠎ᠪᠠᠷ ᠠᠯᠳᠠᠨ ᠲᠡᠯᠡᠭᠡᠢ᠎ᠶ᠋ᠢᠨ ᠠᠮᠢᠰᠭᠤᠯ ᠬᠦᠷᠳᠡᠯ᠎ᠡ ᠠᠭᠤᠵᠢᠷᠠᠨ᠎ᠠ》 ᠭᠡᠮᠡᠨ ᠴᠢ ᠦᠵᠡᠳᠡᠭ᠃ ᠭᠡᠬᠦ᠌᠎ᠳᠡᠭᠡᠨ ᠦᠭᠡ ᠭᠡᠯᠡᠨ᠎ᠤ ᠭᠡᠷᠡᠯ᠎ᠢᠶᠠᠷ ᠤᠰᠤᠨ᠎ᠤ ᠮᠡᠳᠡᠷᠡᠮᠵᠢ᠎ᠶ᠋ᠢ ᠢᠯᠡᠷᠡᠬᠦᠯᠵᠦ᠍᠂ ᠪᠠᠢᠭᠠᠯᠢ ᠲᠡᠯᠡᠭᠡᠢ᠎ᠶ᠋ᠢᠨ ᠠᠯᠢᠪᠠ ᠤᠷᠭᠤᠮᠠᠯ ᠪᠤᠳᠠᠰ᠎ᠲᠤ ᠴᠦᠮ ᠦᠪᠡᠷ᠎ᠤᠨ ᠭᠡᠬᠦ᠌ ᠮᠡᠳᠡᠷᠡᠮᠵᠢ᠎ᠲᠠᠢ ᠪᠦᠭᠡᠳ ᠰᠦᠭ ᠰᠦᠨᠡᠰᠦ᠎ᠲᠠᠢ᠎ᠶ᠋ᠢ ᠭᠡᠷᠡᠴᠢᠯᠡᠭ᠌ᠰᠡᠨ ᠪᠠᠢᠵᠦ᠍᠎ᠤᠤ ᠳ᠋ᠠ? ᠠᠷᠢᠭᠤᠨ ᠴᠠᠭᠠᠨ ᠪᠤᠳᠤᠯ ᠮᠢᠨᠢ!

ᠦᠷ᠎ᠢᠶᠠᠷ ᠴᠢ ᠪᠤᠯᠵᠤᠮᠤᠷ ᠬᠤᠪᠢᠯᠵᠦ᠍ ᠤᠢ᠎ᠪᠠᠨ ᠪᠦᠵᠢᠳᠡᠯ᠎ᠡ ᠱᠤᠯᠤᠭᠠᠨᠠᠨ᠎ᠠ᠃ ᠦᠳᠡᠰᠢ ᠴᠢ ᠲᠤᠭᠤᠨᠤ ᠲᠡᠭᠡᠷ᠎ᠡ ᠱᠢᠬᠠᠯᠳᠤᠵᠦ᠍ ᠬᠤᠨᠤᠭ᠍ᠰᠠᠨ ᠤᠳᠤᠨ ᠮᠡᠴᠢᠳ ᠪᠤᠯᠤᠨ ᠲᠤᠷᠮᠤᠯᠵᠠᠨ᠎ᠠ᠃ ᠦᠷᠯᠦᠭᠡ ᠴᠢ ᠡᠷᠬᠦᠭ᠌ᠰᠡᠨ ᠰᠠᠴᠤᠯᠢ᠎ᠠᠴᠠ ᠤᠷᠭᠤᠭ᠍ᠰᠠᠨ ᠤᠭᠤᠷᠠᠭ ᠴᠠᠭᠠᠨ ᠲᠤᠶᠠᠭ᠎ᠠ ᠪᠤᠯᠤᠨ ᠪᠡᠶ᠎ᠡ ᠰᠡᠳᠭᠢᠯ᠎ᠳᠤ ᠱᠢᠩᠭᠡᠬᠦ᠌᠎ᠪᠠᠷ ᠪᠠᠷᠠᠬᠤ ᠦᠭᠡᠢ ᠠᠮᠲᠠᠲᠣ ᠴᠠᠢ᠎ᠠᠴᠠ ᠬᠠᠩᠬᠤᠯᠤᠭ᠍ᠰᠠᠨ ᠪᠦᠰᠡᠬᠦᠢ᠎ᠶ᠋ᠢᠨ ᠮᠢᠨᠢ ᠮᠦᠱᠢᠶᠡᠳᠦ ᠪᠤᠯᠵᠦ᠍ ᠬᠠᠩᠭᠢᠨᠠᠨ᠎ᠠ᠃

ᠰᠡᠳᠭᠢᠯ᠎ᠳᠤ ᠡᠬᠦᠷ᠎ᠲᠠᠢ ᠬᠤᠪᠢᠯᠭᠠᠨ ᠭᠠᠷᠤᠳᠢ᠂ ᠰᠠᠨᠠᠭ᠎ᠠ᠎ᠶ᠋ᠢ ᠲᠡᠯᠡᠳᠡᠭ ᠰᠠᠷᠠᠭᠤᠯ ᠤᠬᠠᠭᠠᠨ ᠴᠢ ᠠᠵᠤᠭᠤ!

ᠬᠠᠷᠠᠭᠠᠨ᠎ᠳᠤ ᠦᠵᠡᠭ᠌ᠳᠡᠬᠦ᠌ ᠦᠭᠡᠢ ᠴᠦ᠍ ᠬᠠᠮᠤᠭ᠎ᠤᠨ ᠲᠤᠳᠤᠨᠤ ᠬᠤᠩᠭᠤᠷ ᠮᠢᠨᠢ ᠴᠢ ᠶᠤᠮ᠃ ᠴᠢᠨᠦ᠍ ᠬᠦᠷᠦᠭ᠌ᠰᠡᠨ ᠭᠠᠵᠠᠷ ᠮᠢᠨᠦ᠍ ᠷᠤᠮᠠᠨᠲ᠋ᠢᠭ ᠬᠦᠰᠡᠬᠦᠢ᠃ ᠮᠦᠨ ᠴᠦ᠍ ᠮᠢᠨᠦ᠍ ᠲᠡᠮᠡᠦᠯᠵᠦ᠍ ᠬᠦᠷᠬᠦ᠌ ᠭᠠᠵᠠᠷ᠃ ᠴᠢ ᠪᠤᠯ ᠮᠢᠨᠦ᠍ ᠨᠢᠰᠭᠦ ᠵᠢᠬᠦᠷ᠃ ᠠᠮᠤᠷ ᠠᠮᠤᠭᠤᠯᠠᠩ᠎ᠤᠨ ᠴᠠᠭᠠᠨ᠎ᠠ ᠶᠢᠷᠳᠢᠨᠴᠦ᠍᠎ᠳᠤ ᠬᠦᠷᠭᠡᠵᠦ᠍ ᠴᠢᠳᠠᠬᠤ ᠡᠷᠭᠡ ᠤᠩᠭᠤᠳ᠃

ᠤᠷᠭᠠᠨ᠎ᠳᠤ ᠤᠷᠤᠭ᠎ᠠ ᠦᠭᠡᠢ ᠡᠮᠨᠢᠭ᠂ ᠤᠩᠭᠤᠨ ᠰᠠᠭᠠᠷᠠᠯ ᠵᠡᠷᠭᠡᠯᠭᠡᠨ ᠴᠢ ᠪᠤᠢ ᠵ᠎ᠠ᠃

ᠠᠳᠤᠭᠤᠨ ᠲᠤᠭᠤᠰᠤ᠎ᠲᠠᠢ ᠲᠠᠯ᠎ᠠ᠎ᠶ᠋ᠢᠨ᠎ᠢᠶᠠᠨ ᠠᠭᠤᠳᠠᠮ᠎ᠢ ᠴᠢ ᠲᠠᠭᠤᠷᠢᠶᠠᠵᠦ᠍ ᠲᠦᠷᠦᠭ᠌ᠰᠡᠨ ᠭᠡᠬᠦ᠌᠎ᠳᠤ ᠠᠭᠠᠷ ᠴᠠᠯᠭᠢᠯᠠᠳᠠᠯ᠎ᠠ ᠲᠡᠬᠦᠯᠢᠭ᠌ᠰᠡᠨ ᠡᠷᠡᠯᠭᠡᠭ ᠪᠦᠷᠬᠦᠳ ᠮᠢᠨᠢ ᠦᠭᠡᠢᠯᠡᠭ᠌ᠳᠡᠨ᠎ᠡ᠃ ᠠᠨᠠᠪᠠᠳ ᠶᠡᠭᠡ ᠲᠠᠯᠠᠢ᠎ᠶ᠋ᠢ ᠲᠤᠭᠤᠯᠤᠭ᠍ᠰᠠᠨ ᠰᠤᠮᠤᠨ ᠤᠩᠭᠤᠴᠠ ᠭᠡᠬᠦ᠌᠎ᠳᠤ ᠬᠦᠨ ᠴᠡᠩᠭᠡᠷ ᠤᠭ᠍ᠳᠠᠷᠭᠤᠢ᠎ᠪᠠᠷ ᠠᠶᠠᠯᠠᠭ᠍ᠰᠠᠨ ᠲᠠᠭᠠᠭᠤᠯᠢ ᠤᠳᠤᠨ ᠰᠠᠨᠠᠭ᠍ᠳᠠᠨ᠎ᠠ᠃

ᠪᠤᠳᠤᠯ ᠮᠢᠨᠦ᠍᠂ ᠴᠢᠮ᠎ᠠ᠎ᠶ᠋ᠢ ᠲᠡᠯᠭᠡᠪᠡᠯ ᠲᠡᠯᠡᠭᠡᠢ ᠴᠢᠨᠡᠭᠡᠨ ᠪᠠᠢᠵᠦ᠍ ᠮᠡᠳᠡᠨ᠎ᠡ᠃ ᠲᠡᠪᠳᠡᠷᠢᠨ ᠨᠢᠰᠭᠦ᠎ᠪᠠᠷ ᠲᠡᠭ᠌ᠷᠢ ᠴᠢᠨᠡᠭᠡᠨ ᠴᠦ᠍ ᠪᠠᠢᠵᠦ᠍ ᠮᠡᠳᠡᠨ᠎ᠡ᠃ ᠠᠳᠭᠤᠨ ᠲᠤᠳᠤᠷ᠎ᠠ ᠠᠯᠠᠭᠠᠨ ᠴᠢᠨᠡᠭᠡᠨ ᠪᠠᠢᠵᠦ᠍ ᠮᠡᠳᠡᠨ᠎ᠡ᠃ ᠠᠮᠠᠨ ᠲᠤᠳᠤᠷ᠎ᠠ ᠨᠠᠷᠢᠮᠦ᠍᠎ᠶ᠋ᠢᠨ ᠮᠦᠬᠦᠯᠢᠭ ᠴᠢᠨᠡᠭᠡᠨ ᠴᠦ᠍ ᠪᠠᠢᠵᠦ᠍ ᠮᠡᠳᠡᠨ᠎ᠡ ᠁

《ᠦᠭᠡᠨ᠎ᠳᠡᠭᠡᠨ ᠤᠳᠭ᠎ᠠ᠎ᠪᠠᠨ ᠨᠢᠭᠤᠭ᠍ᠰᠠᠨ ᠢᠷᠠᠭᠤ ᠨᠠᠢᠷᠠᠭ ᠱᠢᠭ᠋ ᠬᠦᠨᠵᠡᠭᠡᠢ᠃ ᠤᠭᠢᠯᠠᠭ᠍ᠰᠠᠨ ᠵᠢᠭᠠᠰᠤᠨ᠎ᠤ᠎ᠪᠠᠨ ᠨᠢᠯᠪᠤᠰᠤ᠎ᠶ᠋ᠢ ᠤᠰᠤ᠎ᠪᠠᠷ᠎ᠢᠶᠠᠨ ᠲᠠᠯᠳᠠᠯᠠᠭ᠍ᠰᠠᠨ ᠨᠠᠭᠤᠷ ᠮᠡᠳᠦ ᠴᠡᠩᠭᠡᠷ》 ᠭᠡᠮᠡᠨ ᠪᠢ ᠴᠢᠮᠠᠶ᠋ᠢ ᠲᠦᠰᠦᠭᠡᠯᠡᠵᠦ᠍ ᠪᠤᠳᠤᠬᠤ᠎ᠳᠤ ᠬᠠᠷᠠᠩᠭᠤᠢ ᠭᠡᠭᠡᠨ ᠬᠤᠶᠠᠷ ᠦᠩᠭᠡ ᠨᠢᠳᠦᠨ ᠲᠤᠳᠤᠷ᠎ᠠ ᠡᠷᠭᠢᠯᠳᠦᠨ᠎ᠡ᠃ ᠲᠠᠯᠠᠪᠴᠢ᠎ᠪᠠᠷ᠎ᠢᠶᠠᠨ ᠡᠬᠦᠯᠡ ᠡᠰᠭᠡᠵᠦ᠍ ᠪᠦᠳᠦᠭᠡᠭ᠌ᠰᠡᠨ ᠵᠢᠷᠤᠭ᠎ᠠᠴᠠ ᠴᠢᠨᠢ ᠠᠮᠢᠳᠤᠷᠠᠯ᠎ᠤᠨ ᠵᠤᠪᠠᠯᠠᠩ ᠵᠢᠷᠭᠠᠯᠠᠩ᠎ᠢ ᠤᠯᠵᠦ᠍ ᠬᠠᠷᠠᠨ᠎ᠠ ᠪᠢ᠃

ᠵᠡᠬᠦᠳᠦᠨ᠎ᠳᠤ ᠴᠢ ᠮᠢᠨᠢ ᠤᠢᠯᠰᠦᠨ ᠲᠠᠪᠠᠯᠭᠠᠯᠠᠭ᠍ᠰᠠᠨ ᠬᠦᠯ ᠦᠭᠡᠢ ᠤᠰᠤᠨ ᠪᠤᠯᠵᠦ᠍ ᠠᠩᠭᠠᠯ᠎ᠢ ᠲᠠᠢᠯᠤᠨ ᠭᠠᠳᠠᠭ᠍ᠰᠢ᠎ᠪᠠᠨ ᠤᠷᠤᠰᠤᠭᠠᠳ ᠲᠤᠳᠤᠭ᠍ᠰᠢ᠎ᠪᠠᠨ ᠴᠢᠳᠭᠤᠯᠠᠨ᠎ᠠ᠂ ᠰᠡᠳᠭᠢᠯ ᠭᠡᠳᠡᠭ ᠲᠠᠩᠭᠢᠰ ᠲᠤᠳᠤᠷ᠎ᠠ᠎ᠪᠠᠨ ᠴᠢᠳᠭᠤᠯᠠᠨ᠎ᠠ᠃ ᠪᠢ ᠲᠡᠷᠡ ᠬᠤᠷᠤᠮ ᠨᠢᠭᠡᠨ ᠵᠢᠭᠠᠰᠤ ᠪᠤᠯᠵᠦ᠍ ᠬᠦᠨ ᠴᠡᠩᠭᠡᠷ ᠢᠷᠤᠭᠠᠷ᠎ᠲᠤᠨᠢ ᠰᠤᠮᠤᠳᠠᠨ ᠤᠳᠭᠤ᠎ᠳᠤ ᠴᠡᠴᠡᠭ ᠵᠢᠮᠢᠰ᠎ᠤᠨ ᠰᠤᠳᠤᠨ ᠦᠨᠦᠷ ᠠᠩᠭᠢᠯᠤᠭ᠍ᠰᠠᠨ ᠨᠢᠭᠡᠨ ᠤᠷᠴᠢᠯᠠᠩ ᠬᠠᠷᠠᠭ᠍ᠳᠠᠨ᠎ᠠ᠃ ᠲᠡᠷᠡ ᠪᠤᠯ ᠮᠢᠨᠦ᠍ ᠬᠦᠰᠡᠵᠦ᠍ ᠰᠠᠨᠠᠭ᠍ᠰᠠᠨ ᠳ᠋ᠧᠪᠡᠵᠡᠨ᠎ᠤ ᠤᠷᠤᠨ ᠪᠠᠢᠭ᠎ᠠ ᠴᠦ᠍ ᠪᠢᠯᠢᠦ ᠭᠡᠵᠦ᠍ ᠤᠤᠯᠭ᠎ᠠ ᠠᠯᠳᠠᠨ ᠰᠡᠷᠡᠬᠦ᠌᠎ᠳᠤ᠂ ᠪᠤᠳᠤᠯ ᠮᠢᠨᠢ ᠴᠢ ᠦᠷᠦᠴᠡ ᠴᠡᠭᠡᠵᠢᠨ ᠲᠤᠳᠤᠷ᠎ᠠ ᠬᠦᠷᠭᠢᠷᠡᠨ᠎ᠡ᠃

ᠪᠤᠳᠤᠯ ᠮᠡᠳᠦ ᠵᠡᠬᠦᠳᠦᠨ᠂ ᠵᠡᠬᠦᠳᠦᠨ ᠮᠡᠳᠦ ᠪᠤᠳᠤᠯ ᠵᠡᠬᠦᠨ ᠶᠡᠭᠡ ᠲᠠᠯᠠᠢ ᠮᠢᠨᠢ ᠡ!

ᠨᠢᠳᠦ᠍᠎ᠪᠠᠨ ᠠᠨᠢᠭᠠᠳ ᠴᠢᠮᠠᠶ᠋ᠢ ᠦᠭᠡᠢᠯᠡᠬᠦ᠌᠎ᠳᠤ ᠮᠢᠩᠭᠠᠨ ᠰᠠᠯᠠᠭ᠎ᠠ ᠤᠷᠤᠰᠭᠠᠯ ᠴᠢᠨᠢ ᠦᠪᠡᠷ ᠦᠪᠡᠷ᠎ᠤᠨ ᠤᠨᠴᠠᠯᠢᠭ ᠭᠡᠯᠪᠡᠷᠢ᠎ᠪᠠᠷ᠎ᠢᠶᠠᠨ ᠤᠷᠤᠰᠤᠨ ᠱᠤᠤᠭᠢᠭ᠍ᠰᠠᠨ ᠴᠦ᠍ ᠴᠢᠳᠭᠤᠯᠠᠬᠤ᠎ᠪᠠᠷ ᠨᠡᠢᠯᠡᠵᠦ᠍ ᠨᠢᠭᠡ ᠴᠤᠭ᠍ᠴᠠ ᠪᠤᠯᠵᠦ᠍᠂ ᠬᠠᠯᠭᠢᠯᠠᠵᠦ᠍ ᠴᠠᠯᠭᠢᠯᠠᠬᠤ᠎ᠪᠠᠷ ᠶᠠᠭᠠᠭᠢᠭ᠍ᠰᠠᠨ ᠭᠤᠶᠤ ᠦᠵᠡᠰᠭᠦᠯᠡᠩ ᠪᠤᠢ? ᠭᠡᠳᠡᠯ᠎ᠡ ᠵᠤᠷᠢᠭ᠍ᠰᠠᠨ᠎ᠳᠠᠭᠠᠨ ᠭᠡᠮᠡᠨ ᠵᠢᠳᠬᠦᠵᠦ᠍ ᠲᠡᠮᠡᠦᠯᠬᠦ᠌᠎ᠳᠡᠭᠡᠨ ᠲᠦᠮᠡᠨ ᠨᠤᠭᠤᠯᠤᠭ᠎ᠠ᠂ ᠲᠦᠨᠡᠷ ᠬᠠᠷᠠᠩᠭᠤᠢ᠂ ᠲᠦᠪᠡᠭ ᠪᠡᠷᠭᠡ᠎ᠶ᠋ᠢ ᠲᠤᠭᠤᠯᠤᠨ ᠪᠤᠷᠵᠠᠩᠳᠣᠵᠦ᠍᠂ ᠲᠠᠳᠠᠭᠤᠷᠠᠵᠦ᠍᠂ ᠲᠠᠯᠠᠷᠠᠵᠦ᠍᠂ ᠲᠤᠩᠭᠠᠯᠠᠭ᠍ᠰᠢᠵᠦ᠍᠂ ᠦᠶᠡᠷᠯᠡᠵᠦ᠍ ᠦᠩᠭᠡᠷᠡᠯ᠎ᠡ ᠭᠡᠳᠡᠭ᠎ᠢ ᠤᠵᠠᠭᠤᠷ ᠡᠷᠳᠡᠨ᠎ᠤ ᠡᠪᠦᠭᠡᠨ ᠱᠠᠩᠰᠢ᠎ᠠᠴᠠ ᠦᠴᠦᠭᠡᠨ ᠨᠠᠪᠴᠢ ᠠᠳᠠᠯ᠎ᠠ ᠤᠢᠯᠠᠭᠠᠨ᠎ᠠ ᠳ᠋ᠠ!

ᠠᠭᠠᠷ ᠰᠦᠯᠡᠭ᠌ᠰᠡᠨ ᠠᠮᠢᠳᠤ ᠤᠰᠤᠨ ᠪᠤᠳᠤᠯ ᠮᠢᠨᠦ᠍᠂ ᠠᠯᠤᠰ᠎ᠤᠨ ᠠᠯᠤᠰ᠎ᠲᠤ ᠤᠶᠠᠩᠭᠠᠷᠠᠵᠦ᠍ ᠲᠠᠭᠤᠷᠢᠰᠤᠭ᠍ᠰᠠᠨ ᠤᠷᠳᠤ᠎ᠶ᠋ᠢᠨ ᠲᠠᠭᠤᠤ᠎ᠶ᠋ᠢᠨ ᠱᠢᠷᠤᠩᠬᠠᠢ ᠮᠢᠨᠦ᠍!

ᠨᠠᠮᠠᠶ᠋ᠢ ᠴᠡᠨᠡᠭ᠌ᠯᠡᠵᠦ᠍ ᠨᠠᠷᠠ ᠤᠭ᠍ᠳᠤᠭᠤᠯᠤᠭ᠍ᠰᠠᠨ᠂ ᠨᠤᠶᠠᠨ ᠰᠠᠷᠢᠳᠠᠭ ᠱᠢᠭ᠋ ᠦᠢᠯᠡᠰ᠎ᠤᠨ ᠤᠷᠭᠢᠯ᠎ᠳᠤ ᠠᠪᠠᠷᠢᠭᠤᠯᠤᠭ᠍ᠰᠠᠨ ᠠᠩᠬᠠᠨ᠎ᠤ ᠪᠠᠭ᠍ᠰᠢ ᠴᠦ᠍ ᠶᠤᠮ ᠤᠤ? ᠴᠢ᠃ ᠵᠠᠯᠬᠠᠭᠤᠷᠠᠯ᠂ ᠭᠤᠨᠢᠭ᠍ᠯᠠᠯ᠂ ᠰᠡᠵᠢᠭ᠌ᠯᠡᠯ᠂ ᠬᠤᠷᠤᠨ ᠰᠠᠨᠠᠭ᠎ᠠ ᠁ ᠭᠡᠮᠡᠬᠦ᠌ ᠡᠪᠡᠳᠴᠢᠨ᠎ᠢ ᠢᠯᠠᠨ ᠲᠠᠪᠠᠭ᠍ᠰᠠᠨ ᠮᠢᠳᠠᠷᠠᠰᠢ ᠦᠭᠡᠢ ᠭᠢᠳᠦᠭᠠᠨ᠎ᠤ ᠲᠤᠷᠭᠠᠨ ᠢᠷ ᠴᠦ᠍ ᠶᠤᠮ ᠤᠤ? ᠴᠢ ᠮᠢᠨᠢ᠃

ᠴᠢ ᠪᠦᠮᠪᠦᠷᠴᠡᠭ᠎ᠢ ᠪᠦᠳᠦᠨ ᠲᠡᠷᠭᠡᠯ ᠵᠢᠷᠤᠴᠢᠬᠠᠭᠠᠳ ᠲᠡᠭᠡᠷ᠎ᠡ᠎ᠨᠢ ᠨᠠᠮᠠᠶ᠋ᠢ ᠡᠷᠭᠡ ᠴᠢᠯᠦᠭᠡᠨ᠎ᠤ ᠲᠠᠭᠤᠤ᠎ᠶ᠋ᠢ ᠬᠠᠩᠭᠢᠨᠠᠳᠠᠯ᠎ᠠ ᠲᠠᠭᠤᠯᠠᠭᠤᠯᠤᠭ᠍ᠰᠠᠨ ᠠᠪᠤ ᠱᠢᠭ᠋ ᠠᠪᠤᠷᠭᠤ ᠠᠭᠤᠯᠠ᠃ ᠪᠢ ᠠᠮᠢᠳᠤᠷᠠᠯ᠎ᠤᠨ ᠪᠠᠯ᠎ᠢ ᠴᠢᠮ᠎ᠠ᠎ᠠᠴᠠ ᠠᠮᠰᠠᠯ᠎ᠠ᠂ ᠪᠢ ᠠᠮᠢᠳᠤᠷᠠᠯ᠎ᠤᠨ ᠰᠦᠰᠦ ᠰᠢᠭ ᠭᠠᠱᠢᠭᠤᠨ᠎ᠢ ᠴᠦ᠍ ᠴᠢᠮ᠎ᠠ᠎ᠠᠴᠠ ᠠᠮᠰᠠᠯ᠎ᠠ ᠁

ᠴᠢ ᠤᠶᠠᠷᠠᠭ᠍ᠰᠠᠨ ᠦᠶ᠎ᠡ᠎ᠳᠡᠭᠡᠨ ᠨᠤᠬᠤᠭ᠍ᠰᠠᠨ ᠭᠤᠯᠢᠷ᠎ᠠᠴᠠ ᠵᠦᠭᠡᠯᠡᠨ᠃ ᠴᠢ ᠠᠭᠤᠷᠯᠠᠭ᠍ᠰᠠᠨ ᠦᠶ᠎ᠡ᠎ᠳᠡᠭᠡᠨ ᠬᠠᠳᠠ ᠴᠢᠯᠠᠭᠤ᠎ᠠᠴᠠ ᠬᠠᠳᠠᠭᠤ᠃

ᠪᠤᠳᠤᠯ — ᠪᠤᠷᠭᠢᠯᠵᠦ᠍ ᠪᠠᠢᠭ᠎ᠠ ᠷᠠᠱᠢᠶᠠᠨ ᠮᠢᠨᠢ᠂ ᠪᠦᠷᠬᠦᠭ ᠰᠦᠨᠢ᠎ᠪᠠᠷ ᠠᠰᠭᠠᠷᠠᠭ᠍ᠰᠠᠨ ᠰᠠᠷᠠᠨ᠎ᠤ ᠮᠦᠩᠬᠦᠨ ᠡᠭᠡᠱᠢᠭ ᠮᠢᠨᠢ ᠡ!

ᠪᠢ ᠠᠮᠢᠰᠭᠤᠯ᠎ᠲᠠᠢ ᠪᠠᠢᠭ᠎ᠠ ᠴᠠᠭ ᠲᠦ᠍ ᠴᠢᠮ᠎ᠠ᠎ᠠᠴᠠ ᠰᠠᠯᠬᠤ ᠦᠭᠡᠢ᠂ ᠴᠢ ᠴᠦ᠍ ᠨᠠᠮᠠᠶ᠋ᠢ ᠠᠵᠠ᠎ᠲᠠᠢ ᠠᠮᠢᠳᠤᠷᠠᠭᠤᠯᠬᠤ ᠭᠡᠵᠦ᠍ ᠰᠠᠯᠬᠤ ᠦᠭᠡᠢ᠃ ᠭᠠᠭᠴᠠᠬᠠᠨ ᠲᠡᠯᠡᠭᠡᠢ᠎ᠪᠠᠨ ᠡᠵᠢ ᠱᠢᠭ ᠬᠠᠢᠷᠠᠯᠠᠳᠠᠭ ᠪᠤᠯᠬᠤᠷ ᠱᠢᠷᠭᠡᠭ ᠡᠪᠡᠰᠦ᠂ ᠮᠦᠬᠦᠯᠢᠭ ᠴᠢᠯᠠᠭᠤ᠎ᠪᠠᠨ ᠴᠦ᠍ ᠡᠭᠡ ᠤᠷᠤᠨ᠎ᠤ᠎ᠬᠢ ᠭᠡᠵᠦ᠍ ᠠᠮᠢ᠎ᠲᠠᠢ᠎ᠪᠠᠨ ᠬᠤᠯᠪᠤᠳᠠᠭ᠎ᠨᠢ ᠴᠢᠨᠦ᠍ ᠠᠱᠢᠳᠠ᠎ᠶ᠋ᠢᠨ ᠬᠦᠭᠡᠭᠡᠴᠡᠯᠳᠦᠯ᠃ ᠬᠦᠨ᠎ᠠᠴᠠ ᠬᠦᠨ᠎ᠢ ᠬᠠᠢᠵᠦ᠍᠂ ᠦᠨᠡᠨ᠎ᠠᠴᠠ ᠵᠦᠪ᠎ᠢ ᠡᠷᠢᠯᠭᠢᠯᠡᠭ᠌ᠰᠡᠨ ᠴᠢᠨᠦ᠍ ᠤᠤᠷ ᠴᠢᠨᠠᠷ᠎ᠢᠶᠠᠷ ᠪᠢ ᠦᠰᠴᠦ᠍ ᠲᠤᠮᠤᠭᠠᠵᠢᠨ᠎ᠠ᠂ ᠤᠷᠭᠤᠵᠦ᠍ ᠲᠡᠯᠭᠡᠷᠡᠨ᠎ᠡ᠃ ᠪᠤᠳᠤᠯ ᠮᠢᠨᠢ!

ᠬᠦᠨ ᠴᠡᠭᠡᠯ᠎ᠨᠢ ᠨᠠᠷᠠ ᠱᠢᠭ᠋ ᠡᠷᠭᠢᠯᠳᠦᠭ᠌ᠰᠡᠨ ᠮᠦᠩᠭᠡ᠎ᠶ᠋ᠢᠨ ᠤᠰᠤᠨ᠂ ᠬᠦᠨᠵᠡᠭᠡᠢ ᠤᠳᠭ᠎ᠠ ᠪᠡᠷ᠎ᠢᠶᠠᠨ ᠬᠤᠷᠸ᠎ᠠ ᠰᠡᠭᠡᠭᠡᠷᠡᠬᠦᠯᠦᠭ᠌ᠰᠡᠨ ᠲᠤᠤᠯᠢ᠎ᠶ᠋ᠢᠨ ᠬᠠᠢᠯᠭᠠᠨ ᠮᠢᠨᠢ ᠡ!

ᠪᠤᠳᠤᠯ — ᠮᠢᠨᠦ᠍ ᠰᠡᠳᠭᠢᠯ ᠲᠤᠳᠤᠷ᠎ᠠ ᠴᠤᠪᠬᠤᠴᠢᠨ᠎ᠠ᠃ ᠪᠢ ᠪᠤᠳᠤᠯ ᠲᠤᠳᠤᠷ᠎ᠠ᠎ᠪᠠᠨ ᠭᠡᠷᠡᠯᠳᠦᠨ᠎ᠡ᠃ ᠲᠡᠭ᠌ᠷᠢ ᠪᠤᠳᠤᠯ ᠲᠤᠳᠤᠷ᠎ᠠ ᠲᠤᠪᠴᠢ᠎ᠶ᠋ᠢᠨ ᠴᠢᠨᠡᠭᠡᠨ ᠬᠠᠷᠠᠭ᠍ᠳᠠᠨ᠎ᠠ᠂ ᠭᠠᠵᠠᠷ ᠪᠤᠳᠤᠯ ᠲᠤᠳᠤᠷ᠎ᠠ ᠭᠠᠭ᠍ᠴᠠ ᠮᠦᠬᠦᠯᠢᠭ ᠱ᠌ᠢᠷᠦ᠍᠎ᠶ᠋ᠢᠨ ᠭᠢᠷᠢᠳᠡᠢ ᠦᠵᠡᠭ᠌ᠳᠡᠨ᠎ᠡ᠃ ᠶᠠᠭᠠᠭᠢᠭ᠍ᠰᠠᠨ ᠶᠡᠭᠡ ᠠᠭᠤᠳᠠᠮ ᠪᠠᠭ᠍ᠳᠠᠭᠠᠮᠵᠢᠳᠠᠢ ᠪᠤᠢ?

ᠲᠡᠯᠡᠭᠡᠢ᠎ᠶ᠋ᠢ ᠴᠢ ᠪᠤᠭ᠍ᠴᠤᠨ ᠲᠤᠳᠤᠷ᠎ᠠ᠎ᠪᠠᠨ ᠡᠬᠦᠷᠦᠭᠡᠳ ᠲᠤᠯᠤᠭᠠᠨ ᠦᠩᠭᠡ᠎ᠶ᠋ᠢᠨ ᠰᠤᠯᠤᠩᠭ᠎ᠠ ᠲᠡᠭᠡᠬᠦᠷ ᠠᠵᠢᠭ ᠴᠦ᠍ ᠦᠭᠡᠢ ᠠᠯᠬᠤᠨ᠎ᠠ᠃ ᠲᠡᠭ᠌ᠳᠡᠵᠦ᠍ ᠬᠦᠪᠦᠬᠦ᠌ ᠡᠬᠦᠯᠡᠰ᠎ᠢ ᠴᠢ ᠰᠠᠨᠠᠭ᠎ᠠ᠎ᠪᠠᠷ᠎ᠢᠶᠠᠨ ᠵᠠᠭᠢᠷᠴᠦ᠍᠂ ᠭᠠᠷ᠎ᠢᠶᠠᠨ ᠡᠷᠬᠦᠬᠦ᠌᠎ᠪᠠᠷ ᠭᠠᠩ ᠲᠠᠢᠯᠵᠦ᠍ ᠪᠤᠷᠤᠭᠠᠨ ᠱᠠᠭᠢᠨ᠎ᠠ᠃ ᠰᠦᠨᠢ᠎ᠶ᠋ᠢ ᠴᠢ ᠰᠤᠴᠢᠵᠦ᠍ ᠦᠷᠬᠦᠳᠡᠯ᠎ᠡ ᠨᠢᠭᠡ ᠬᠠᠰᠭᠢᠷᠤᠭᠠᠳ ᠦᠷ᠎ᠢ ᠤᠭ᠍ᠳᠤᠨ᠎ᠠ ᠁

ᠪᠤᠳᠤᠯ ᠭᠡᠮᠡᠬᠦ᠌ ᠬᠦᠯ ᠦᠭᠡᠢ ᠤᠰᠤᠨ ᠮᠢᠨᠦ᠍! ᠪᠢᠴᠢᠵᠦ᠍ ᠲᠠᠭᠤᠰᠤᠭ᠎ᠠ ᠦᠭᠡᠢ ᠱᠢᠯᠦᠭ ᠮᠢᠨᠦ᠍⁈

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号