ᠵᠦᠯᠭᠡᠨᠤ ᠨᠤᠭᠤᠭᠠᠨ ᠲᠡᠨᠵᠢ᠎ᠶ᠋ᠢ ᠴᠢᠮᠡᠭ᠌ᠰᠡᠨ
ᠵᠢᠷᠭᠤᠭᠠᠨ ᠰᠠᠷ᠎ᠠ᠎ᠶ᠋ᠢᠨ ᠴᠡᠴᠡᠭᠡᠰ ᠭᠤᠶᠤᠬᠠᠨ
ᠵᠤᠨ ᠤᠯᠠᠨ᠎ᠤ ᠬᠠᠢᠷ᠎ᠠ᠎ᠶ᠋ᠢ ᠲᠠᠳᠠᠭ᠍ᠰᠠᠨ
ᠵᠢᠭᠠᠯ ᠭᠡᠦᠭᠡᠳ᠎ᠤᠨ ᠮᠦᠱᠢᠶᠡᠯ ᠭᠦᠭᠡᠷᠦᠭᠦᠨ
ᠦᠨᠳᠦᠰᠦᠳᠡᠨ᠎ᠤ ᠵᠠᠰᠠᠯ᠎ᠢᠶᠠᠷ ᠭᠤᠶᠤᠯᠠᠭ᠍ᠰᠠᠨ
ᠦᠰᠪᠦᠷᠢ ᠪᠠᠭᠠᠴᠤᠳ᠎ᠤᠨ ᠵᠢᠭ᠍ᠰᠠᠭᠠᠯ ᠰᠠᠢᠬᠠᠨ
ᠦᠩᠭᠡ᠎ᠶ᠋ᠢᠨ ᠴᠡᠴᠡᠭᠡᠰ ᠡᠩᠭᠡᠷ ᠲᠡᠭᠡᠨ ᠨᠠᠮᠢᠷᠠᠭᠤᠯᠤᠭ᠍ᠰᠠᠨ
ᠦᠨᠦᠳᠦᠷ᠎ᠤᠨ ᠡᠵᠡᠨ᠎ᠤ ᠵᠢᠪᠬᠤᠭ᠎ᠠ ᠰᠦᠷᠯᠢᠭ
ᠲᠠᠪᠤᠨ ᠤᠳᠤᠳᠤ ᠤᠯᠠᠭᠠᠨ ᠲᠤᠭ᠎ᠤᠨ ᠲᠤᠤᠷ᠎ᠠ
ᠲᠠᠩᠭᠠᠷᠢᠭ ᠲᠠᠯᠪᠢᠨ ᠪᠣᠢᠵᠢᠬᠰᠠᠨ ᠪᠠᠭᠠᠴᠣᠳ ᠮᠢᠨᠢ
ᠲᠠᠢᠪᠤᠩ ᠠᠮᠢᠳᠤᠷᠠᠯ᠎ᠤᠨ ᠮᠢᠨᠢ ᠢᠷᠡᠭᠤ ᠲᠠᠭᠤᠴᠢᠨ ᠶᠤᠮ
ᠲᠠᠯ᠎ᠠ ᠨᠤᠳᠤᠭ᠎ᠤᠨ ᠵᠢᠩᠭᠢᠨᠢ ᠡᠵᠡᠳ ᠶᠤᠮ
ᠲᠡᠯᠡᠭᠡᠢ᠎ᠶ᠋ᠢ ᠪᠠᠶᠠᠰᠭᠠᠬᠤ ᠪᠠᠭᠠᠴᠤᠳ ᠭᠡᠦᠭᠡᠳ᠎ᠢᠶᠠᠨ
ᠲᠡᠩᠳᠡᠭᠦᠦ ᠬᠠᠢᠷ᠎ᠠ ᠳ᠋ᠠᠭᠠᠨ ᠡᠷᠭᠡᠯᠡᠨ ᠪᠦᠪᠡᠢᠯᠡᠶᠡ
ᠵᠠᠭᠤᠨ ᠵᠠᠭᠤᠨ᠎ᠳᠤ ᠤᠯᠠᠮᠵᠢᠯᠠᠬᠤ ᠴᠠᠢᠯᠭᠠᠨ ᠠᠷᠠᠨᠱᠢᠨ᠎ᠢᠶᠠᠨ
ᠵᠢᠷᠭᠤᠭᠠᠨ ᠰᠠᠷ᠎ᠠ᠎ᠶ᠋ᠢᠨ ᠴᠡᠴᠡᠭᠡᠰ ᠱᠢᠭ ᠲᠡᠯᠭᠡᠷᠡᠭᠦᠯᠦᠶᠡ!