ᠵᠤᠯᠵᠠᠭᠠᠨ ᠨᠠᠷᠠᠰᠤᠨ᠎ᠤ ᠲᠠᠭᠤᠯᠠᠯ
2026-05-27 15:40:05
ᠵᠣᠬᠢᠶᠠᠭ᠍ᠴᠢ᠄
ᠡ᠊·ᠤᠷᠳᠤᠨᠠᠰᠤᠳᠤ
ᠣᠩᠱᠢᠭ᠍ᠰᠠᠨ ᠣᠳᠠᠭ᠎ᠠ᠄
★★★☆☆

ᠢᠷᠡᠭᠡᠳᠤᠢ᠎ᠶ᠋ᠢ ᠲᠤᠯᠭᠠᠭᠤᠷᠢᠯᠠᠬᠤ ᠬᠦᠭᠡ ᠨᠠᠷᠠᠰᠤ

ᠲᠡᠯᠡᠭᠡᠢ ᠵᠦᠭ ᠮᠦᠴᠢᠷᠯᠠᠨ ᠲᠡᠯᠭᠡᠭᠡᠳ

ᠢᠷᠮᠠᠬᠦᠨ ᠱᠢᠭᠤᠷᠭ᠎ᠠ᠎ᠶ᠋ᠢ ᠤᠮᠤᠭ᠍ᠳᠠᠢ ᠰᠦᠷᠤᠨ

ᠲᠡᠭ᠌ᠷᠢ ᠦᠭᠡᠳᠠ ᠬᠦᠭᠡᠷᠡᠨ ᠦᠨᠳᠤᠷᠯᠡᠭᠡᠳ


ᠡᠭᠡ ᠤᠷᠤᠨ᠎ᠤ ᠪᠠᠨ ᠠᠭᠤᠳᠠᠮ ᠨᠤᠳᠤᠭ᠎ᠲᠤ

ᠡᠵᠡᠨ᠎ᠤ ᠬᠤᠪᠢ᠎ᠪᠠᠷ ᠭᠡᠤᠭᠡᠳ᠎ᠤᠳ ᠭᠡᠳᠡᠭᠡᠷ

ᠬᠦᠰᠠᠯᠠᠩ᠎ᠤᠨ ᠠᠯᠳᠠᠨ ᠵᠢᠯᠦᠭᠤ᠎ᠪᠠᠨ ᠰᠤᠩᠭᠠᠭᠠᠳ

ᠢᠷᠡᠭᠡᠳᠤᠢ ᠵᠦᠭ ᠭᠡᠤᠭᠡᠳ᠎ᠤᠳ ᠤᠮᠤᠭ᠍ᠯᠠᠭᠤᠨ


ᠲᠡᠤᠭᠡ ᠦᠪᠯᠡᠭ᠌ᠰᠠᠨ ᠠᠭᠤᠳᠠᠮ ᠨᠤᠳᠤᠭ᠎ᠤᠨ᠎ᠢᠶᠠᠨ

ᠲᠤᠯᠭ᠎ᠠ᠎ᠶ᠋ᠢᠨ ᠭᠠᠯ᠎ᠢ ᠬᠦᠭ᠌ᠵᠢᠭᠡᠬᠦ᠌ ᠡᠵᠡᠳ ᠶᠤᠮ

ᠡᠷᠳᠡᠮ ᠮᠡᠳᠡᠯᠭᠡ᠎ᠶ᠋ᠢᠨ ᠬᠦᠨ ᠵᠦᠭ ᠱᠢᠮᠳᠡᠭᠠᠳ

ᠦᠢᠯᠠᠰ᠎ᠤᠨ ᠰᠠᠷᠠᠭᠤᠯ ᠢᠷᠡᠭᠡᠳᠤᠢ ᠵᠦᠭ ᠴᠢᠷᠮᠠᠢ


ᠬᠦᠯᠦᠭ᠎ᠤᠨ᠎ᠢᠶᠠᠨ ᠬᠤᠷᠳᠤ᠎ᠶ᠋ᠢ ᠲᠡᠩᠴᠠᠬᠦᠬᠡᠨ ᠰᠦᠢᠭᠠᠳ

ᠬᠦᠰᠠᠯᠠᠩ᠎ᠤᠨ᠎ᠢᠶᠠᠨ ᠡᠷᠴᠢ᠎ᠶ᠋ᠢ ᠲᠡᠭ᠌ᠵᠢᠭᠦᠬᠡᠨ ᠲᠠᠪᠳᠠᠭᠠᠳ

ᠬᠦᠮᠦᠵᠢᠯ ᠪᠤᠯᠪᠠᠰᠤᠷᠠᠯ᠎ᠢᠶᠠᠷ ᠦᠵᠠᠯ᠎ᠢᠶᠠᠨ ᠬᠤᠷᠴᠠᠯᠠᠭᠠᠳ

ᠬᠦᠭᠡᠷᠡᠵᠤ ᠴᠡᠯᠭᠡᠷᠡᠭᠡ ᠵᠤᠯᠵᠠᠭᠠᠨ ᠨᠠᠷᠠᠰᠤ


ᠢᠳᠡ ᠠᠪᠤᠭ᠍ᠰᠠᠨ ᠠᠮᠢᠯᠠᠯ᠎ᠤᠨ ᠬᠦᠴᠦᠨ

ᠡᠷᠴᠢ ᠨᠡᠮᠡᠭ᠌ᠰᠠᠨ ᠢᠳᠡᠭᠡᠯ᠎ᠤᠨ ᠮᠦᠰᠤᠨ

ᠡᠷᠢᠨ᠎ᠤ ᠬᠤᠷᠳᠤᠴᠠ᠎ᠶ᠋ᠢ ᠲᠠᠨᠠᠷ ᠵᠠᠬᠢᠷᠤᠨ᠎ᠠ

ᠡᠩᠭᠡ᠎ᠶ᠋ᠢᠨ ᠨᠤᠲ᠎ᠢ ᠲᠠᠨᠠᠷ ᠬᠦᠭᠵᠢᠮᠳᠡᠨ᠎ᠡ


ᠲᠠᠯᠭᠡᠷᠡᠵᠤ ᠪᠠᠢᠭ᠎ᠠ ᠴᠡᠴᠡᠭ᠎ᠤᠨ ᠴᠤᠮᠤᠷᠯᠢᠭ

ᠲᠡᠭ᠌ᠵᠢᠷᠠᠵᠤ ᠦᠭᠡᠳᠡᠯᠡᠭᠡ ᠤᠬᠠᠭᠠᠨᠳᠤ ᠭᠡᠤᠭᠡᠳ᠎ᠤᠳ

ᠲᠠᠪᠱᠢᠵᠤ ᠬᠦᠭ᠌ᠵᠢᠬᠦ᠌ ᠱᠢᠨᠵᠢᠯᠡᠭᠡᠨ᠎ᠤ ᠤᠷᠬᠢᠯ᠎ᠳᠤ

ᠢᠯᠠᠯᠳᠠ᠎ᠶ᠋ᠢᠨ ᠲᠤᠭ᠎ᠢ ᠲᠠᠨᠠᠷ ᠬᠠᠳᠭᠤᠨ᠎ᠠ


ᠲᠠᠪᠬᠢᠵᠤ ᠦᠵᠦᠬᠦᠷᠯᠠᠬᠦ᠌ ᠬᠦᠯᠦᠭ᠎ᠤᠨ ᠮᠠᠩᠯᠠᠢ

ᠲᠦᠷᠦᠯᠬᠢ ᠨᠤᠳᠤᠭ᠎ᠤᠨ᠎ᠢᠶᠠᠨ ᠡᠵᠡᠳ ᠲᠠᠨᠠᠷ

ᠬᠠᠢᠷ᠎ᠠ᠎ᠶ᠋ᠢᠨ ᠨᠢᠳᠤ᠎ᠪᠠᠷ ᠲᠡᠯᠡᠭᠡᠢ ᠬᠠᠷᠠᠭ᠍ᠰᠠᠨ

ᠬᠡᠵᠢᠶᠠᠳᠠ᠎ᠪᠠᠨ ᠲᠤᠩᠭᠠᠯᠠᠭ ᠭᠬᠢᠷᠳᠦᠰᠢ ᠦᠭᠡᠢ ᠮᠠᠯᠮᠠᠢ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号