ᠬᠦᠰᠡᠯ᠎ᠤᠨ ᠬᠦᠭᠡᠷᠦᠬᠦᠨ ᠬᠤᠷᠸ᠎ᠠ
2026-05-27 15:19:42
ᠵᠣᠬᠢᠶᠠᠭ᠍ᠴᠢ᠄
ᠪᠤᠤ ᠮᠸᠢ ᠷᠦᠩ
ᠣᠩᠱᠢᠭ᠍ᠰᠠᠨ ᠣᠳᠠᠭ᠎ᠠ᠄
★★★☆☆

ᠬᠡᠦᠬᠡᠳ —

ᠣᠢ ᠣᠬᠠᠭᠠᠨ ᠰᠠᠭᠤᠬᠤ ᠠᠮᠢᠳᠣᠷᠠᠯ᠎ᠤᠨ ᠠᠩᠬᠠᠨ᠎ᠤ ᠦᠷᠲᠡᠭᠡ

ᠣᠳᠣᠨ ᠭᠠᠷᠠᠭ᠎ᠤᠨ ᠴᠤᠤᠵᠢ᠎ᠶ᠋ᠢ ᠨᠡᠭᠡᠭᠡᠬᠦ᠌ ᠣᠶᠣᠨ᠎ᠤ ᠠᠯᠳᠠᠨ ᠲᠦᠯᠬᠢᠭᠦᠷ

ᠣᠷᠴᠢᠯᠠᠩ᠎ᠤᠨ ᠭᠦᠨ᠎ᠢᠶᠠᠷ ᠵᠣᠭᠠᠴᠠᠬᠤ ᠬᠦᠰᠡᠯ᠎ᠤᠨ ᠨᠠᠷᠠᠨ

ᠣᠷᠭᠤᠨ ᠴᠡᠴᠡᠭ᠌ᠯᠡᠬᠦ᠌ ᠣᠯᠠᠷᠢᠯ᠎ᠤᠨ ᠡᠬᠢᠨ᠎ᠤ ᠠᠶᠠᠯᠭᠤ


ᠬᠡᠦᠬᠡᠳ —

ᠪᠣᠭᠤᠷᠣᠯ᠎ᠤᠨ ᠵᠢᠷᠦᠬᠡᠨ᠎ᠳᠤ ᠳᠡᠯᠭᠡᠷᠡᠭ᠌ᠰᠡᠨ ᠪᠦᠪᠡᠢ ᠨᠣᠭᠤᠭᠠᠨ ᠨᠠᠬᠢᠶ᠎ᠠ

ᠪᠤᠶᠠᠨ ᠵᠠᠶᠠᠭᠠᠨ᠎ᠳᠠᠭᠠᠨ ᠢᠪᠡᠭᠡᠭ᠌ᠳᠡᠭ᠌ᠰᠡᠨ ᠠᠵᠠ᠎ᠶ᠋ᠢᠨ ᠴᠡᠩᠬᠡᠷ ᠣᠳᠣᠨ

ᠪᠠᠷᠠᠯᠠᠬᠤ ᠦᠢᠯᠡᠰ᠎ᠲᠠᠢ ᠢᠷᠡᠭᠡᠳᠦᠢ᠎ᠶ᠋ᠢᠨ ᠵᠢᠪᠬᠤᠭ᠎ᠠ ᠲᠡᠭᠦᠰ ᠦᠷᠭᠦᠯᠵᠢᠯᠡᠯ

ᠪᠠᠳᠮᠠᠯᠠᠨ ᠤᠴᠢᠯᠠᠬᠤ ᠲᠣᠯᠭ᠎ᠠ᠎ᠶ᠋ᠢᠨ ᠲᠦᠷᠡᠯᠵᠡᠭᠰᠡᠨ ᠬᠦᠭᠡ ᠲᠦᠯᠦ᠍


ᠬᠡᠦᠬᠡᠳ —

ᠠᠭᠤᠯᠠ ᠱᠢᠭ᠋ ᠲᠦᠱᠢᠭ ᠠᠪᠤ᠎ᠶ᠋ᠢᠨ᠎ᠢᠶᠠᠨ ᠲᠡᠭ᠌ᠷᠢᠯᠢᠭ ᠬᠠᠢᠷ᠎ᠠ᠎ᠠᠴᠠ ᠣᠨᠳᠣᠷᠣᠭ᠍ᠰᠠᠨ ᠪᠣᠯᠠᠭ

ᠣᠶᠠᠨ ᠰᠡᠳᠭᠢᠯᠲᠦ ᠡᠵᠢ᠎ᠶ᠋ᠢᠨ᠎ᠢᠶᠠᠨ ᠣᠭᠤᠷᠠᠭ ᠰᠦᠨ᠎ᠠᠴᠠ ᠪᠣᠢᠵᠢᠭ᠍ᠰᠠᠨ ᠤᠷᠭᠤᠮᠠᠯ

ᠦᠳᠡᠰᠢ᠎ᠶ᠋ᠢᠨ ᠬᠠᠷᠠᠩᠭᠤᠢ᠎ᠶ᠋ᠢ ᠰᠦᠯᠡᠬᠦ᠌ ᠲᠡᠷᠭᠡᠯ ᠰᠠᠷᠠᠨ᠎ᠤ ᠮᠦᠩᠭᠦᠨ ᠰᠣᠷᠮᠣᠣᠰᠣ

ᠦᠩᠭᠡᠷᠡᠭᠰᠡᠨ᠎ᠤ ᠲᠡᠦᠭᠡ ᠵᠢ ᠦᠪᠯᠡᠬᠦ ᠮᠡᠷᠭᠡᠨ ᠤᠬᠠᠭᠠᠨ᠎ᠤ ᠡᠷᠳᠡᠨᠢᠳᠤ ᠴᠠᠳᠢᠬ


ᠬᠡᠦᠬᠡᠳ —

ᠡᠬᠡ ᠤᠷᠤᠨ᠎ᠤ᠎ᠪᠠᠨ ᠡᠯᠢᠭᠡᠨ᠎ᠳᠤ ᠡᠷᠬᠡᠯᠡᠨ ᠲᠤᠷᠮᠤᠢᠬᠤ ᠵᠢᠷᠭᠠᠯᠠᠩ

ᠡᠩ ᠬᠤᠷᠸ᠎ᠠ᠎ᠶ᠋ᠢᠨ ᠠᠭᠤᠳᠠᠮᠬᠠᠨ ᠵᠠᠢ᠎ᠳᠤ ᠬᠠᠢᠷᠠᠯᠠᠨ ᠳᠠᠭᠤᠯᠠᠬᠤ ᠡᠩᠬᠦᠷᠡᠢᠬᠡᠨ

ᠡᠳ᠋ᠯᠡᠬᠦ᠌ ᠶᠡᠭᠡ ᠠᠵᠠ ᠵᠠᠶᠠᠭᠠᠨ᠎ᠤ ᠠᠯᠲᠠᠨ ᠵᠢᠭᠦᠷ

ᠡᠯᠡᠭ᠌ᠳᠡᠰᠢ ᠦᠭᠡᠢ ᠬᠦᠰᠡᠯ᠎ᠤᠨ ᠴᠡᠩᠬᠡᠷ ᠬᠤᠷᠸ᠎ᠠ


ᠬᠡᠦᠬᠡᠳ ᠮᠢᠨᠢ᠂ ᠦᠭᠡᠳᠡᠯᠡᠵᠦ᠍ ᠬᠦᠭ᠌ᠵᠢᠬᠦ᠌ ᠨᠡᠢᠭᠡᠮ᠎ᠤᠨ ᠱᠢᠨ᠎ᠡ ᠠᠶᠠᠨ᠎ᠤ ᠲᠦᠷᠦᠭᠡᠨ᠎ᠳᠤ

ᠦᠪᠡᠷ᠎ᠤᠨ ᠭᠡᠰᠡᠨ ᠡᠭᠦᠳᠦᠯ ᠪᠦᠲᠦᠭᠡᠯ᠎ᠲᠠᠢ ᠨᠡᠮᠡᠷᠢ ᠭᠠᠷᠭᠠᠵᠣ ᠬᠢᠯᠠᠯᠵᠠᠭᠠᠷᠠᠢ

ᠬᠡᠦᠬᠡᠳ ᠮᠢᠨᠢ᠂ ᠦᠷᠨᠢᠭᠦᠨ ᠪᠠᠳᠠᠷᠠᠭᠤᠨ ᠡᠷᠢᠨ᠎ᠤ ᠱᠢᠵᠢᠷ ᠵᠢᠯᠣᠭᠤ᠎ᠶ᠋ᠢ ᠡᠵᠡᠮᠳᠡᠭᠡᠳ

ᠦᠨᠢᠷ ᠠᠮᠢᠳᠣᠷᠠᠯ᠎ᠤᠨ ᠲᠠᠪᠴᠠᠩ᠎ᠳᠠᠭᠠᠨ ᠦᠷ᠎ᠡ ᠵᠢᠮᠢᠰ᠎ᠲᠠᠢ ᠴᠡᠴᠡᠭ᠌ᠯᠡᠭᠡᠷᠡᠢ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号