ᠪᠦᠩ ᠪᠦᠩ ᠰᠠᠯᠬᠢᠨ᠎ᠨᠢ ᠬᠤᠭᠤᠷ᠎ᠤᠨ ᠡᠭᠡᠱᠢᠭ᠎ᠲᠠᠢ
ᠪᠦᠭᠡᠭᠡᠨ ᠴᠠᠭᠠᠨ ᠭᠡᠷᠡᠯ᠎ᠨᠢ ᠰᠤᠯᠤᠩᠭᠠᠨ ᠭᠡ᠎ᠲᠠᠢ
ᠪᠦᠯᠢᠶᠡᠨ ᠰᠠᠢᠬᠠᠨ ᠠᠮᠢᠰᠭᠤᠯ᠎ᠨᠢ ᠬᠠᠢᠷ᠎ᠠ᠎ᠶ᠋ᠢᠨ ᠢᠯᠴᠢ᠎ᠲᠠᠢ
ᠪᠦᠮᠪᠦᠷᠴᠡᠭ ᠭᠡᠳᠡᠭ ᠲᠤᠮᠤ ᠭᠡᠷ ᠪᠦᠯᠢ᠎ᠶ᠋ᠢᠨ ᠬᠡᠦᠬᠡᠳ ᠪᠢ
ᠪᠦᠬᠦᠰᠢ ᠦᠭᠡᠢ ᠨᠠᠷᠠᠨ᠎ᠤ ᠬᠢᠨᠢ ᠲᠤᠶᠠᠭᠠᠨ᠎ᠳᠤ ᠤᠬᠠᠭᠠᠵᠢᠨ
ᠪᠦᠳᠦᠨ ᠵᠢᠷᠭᠠᠯ᠎ᠤᠨ ᠬᠢᠨᠢ ᠠᠮᠳᠠᠨ᠎ᠳᠤ ᠲᠤᠮᠤᠭᠠᠵᠢᠨ
ᠪᠦᠯᠢ ᠨᠢᠭᠡᠳᠡᠢ ᠨᠠᠢᠵᠨ ᠨᠦᠬᠦᠳ᠎ᠲᠠᠢ᠎ᠪᠠᠨ
ᠪᠦᠵᠢᠭ᠎ᠢᠶᠠᠨ ᠪᠡᠶᠡᠯᠡᠵᠦ᠍ ᠱᠢᠯᠦᠭ᠎ᠢᠶᠠᠨ ᠤᠩᠱᠢᠬᠤ ᠲᠤᠷᠠᠳᠠᠢ ᠪᠢ
ᠪᠦᠯᠬᠦᠮᠳᠠᠯ ᠭᠡᠳᠡᠭ ᠪᠠᠭ᠍ᠰᠢ᠎ᠶ᠋ᠢᠨ᠎ᠢᠶᠠᠨ ᠬᠢᠴᠢᠶᠡᠯ᠎ᠢ ᠰᠤᠨᠤᠰᠴᠤ᠌
ᠪᠦᠳᠦᠭᠡᠨ᠎ᠡ ᠭᠡᠳᠡᠭ ᠢᠷᠠᠭᠤ ᠪᠤᠳᠤᠯ᠎ᠳᠤ ᠠᠪᠳᠠᠨ
ᠪᠦᠮᠪᠦᠷᠴᠡᠭ ᠭᠡᠮᠡᠬᠦ᠌ ᠡᠨᠡ ᠭᠡᠷ᠎ᠤᠨ᠎ᠢᠶᠠᠨ ᠢᠷᠡᠭᠡᠳᠦᠢ᠎ᠶ᠋ᠢ
ᠪᠦᠷᠢᠨ ᠲᠡᠬᠦᠯᠳᠡᠷ᠎ᠢᠶᠠᠷ ᠤᠷᠠᠯᠠᠨ ᠵᠢᠷᠤᠬᠤ ᠬᠦᠰᠡᠯ᠎ᠲᠠᠢ ᠪᠢ
ᠪᠦᠷᠬᠦᠳ ᠢᠨᠴᠠᠭᠠᠭ᠍ᠰᠠᠨ ᠠᠭᠤᠯᠠᠰ᠎ᠨᠢ ᠠᠪᠤ᠎ᠶ᠋ᠢᠨ ᠲᠦᠷᠢᠲᠠᠢ
ᠪᠦᠪᠡᠢ ᠠᠶᠠᠯᠤᠭ᠍ᠰᠠᠨ ᠮᠦᠷᠡᠨ ᠭᠤᠤᠯ᠎ᠨᠢ ᠡᠵᠢ᠎ᠶ᠋ᠢᠨ ᠬᠠᠢᠷᠠᠲᠠᠢ
ᠪᠦᠮᠪᠦᠭᠡᠷ ᠬᠦᠭᠡ ᠲᠡᠭ᠌ᠷᠢ᠎ᠨᠢ ᠤᠶᠠᠩᠭᠠᠨ ᠰᠠᠴᠤᠯᠢ᠎ᠲᠠᠢ
ᠪᠦᠮᠪᠦᠷᠴᠡᠭ ᠭᠡᠳᠡᠭ ᠶᠡᠭᠡ ᠪᠦᠯᠢ᠎ᠶ᠋ᠢᠨ ᠬᠡᠦᠬᠡᠳ ᠪᠢ
ᠪᠦᠬᠦ᠌ ᠤᠷᠴᠢᠯᠠᠩ᠎ᠤᠨ ᠢᠯᠡᠷᠡᠭᠡ ᠦᠭᠡᠢ ᠨᠢᠭᠤᠴᠨ᠎ᠶ᠋ᠢ ᠱᠢᠨᠵᠢᠯᠡᠵᠦ᠍
ᠪᠦᠮᠪᠦᠷᠴᠡᠭ᠎ᠤᠨ᠎ᠢᠶᠠᠨ ᠡᠯᠢᠭᠡᠨ ᠳᠡᠭᠡᠷ᠎ᠡ ᠱᠢᠨ᠎ᠡ ᠵᠦᠢᠯ᠎ᠢ ᠵᠤᠬᠢᠶᠠᠨ᠎ᠠ
ᠪᠦᠮᠪᠦᠷ ᠭᠡᠩᠭᠡᠷᠭᠡᠶ᠋ᠢᠨᠢᠶᠠᠨ ᠲᠠᠭᠤᠨ᠎ᠳᠤ ᠠᠶᠠᠯᠭᠤ ᠨᠡᠢᠯᠡᠬᠦᠯᠦᠨ
ᠪᠦᠬᠦᠢᠯᠨ ᠬᠦᠮᠦᠨ ᠠᠷᠠᠳ᠎ᠤᠨ᠎ᠢᠶᠠᠨ ᠵᠤᠯ ᠵᠢᠷᠭᠠᠯ᠎ᠢ ᠲᠠᠭᠤᠯᠠᠨ᠎ᠠ