《ᠰᠢᠨ᠎ᠡ ᠡᠷᠢᠨᠦ ᠤᠳᠬ᠎ᠠ ᠵᠣᠬᠢᠶᠠᠯ᠎ᠤᠨ ᠤᠷᠬᠢᠯ᠎ᠳᠤ ᠮᠠᠴᠤᠬᠤ ᠲᠥᠯᠥᠪᠯᠡᠭᠡ》᠎ᠳ᠋ᠤ ᠰᠣᠩᠭᠣᠭᠳᠠᠭᠰᠠᠨ ᠮᠠᠨ᠎ᠤ ᠤᠷᠤᠨ᠎ᠤ ᠴᠤᠷ᠎ᠤᠨ ᠭᠠᠭᠴᠠ ᠪᠦᠲᠦᠭᠡᠯ —

ᠴᠤᠷ᠎ᠤᠨ ᠭᠠᠭᠴᠠ 《ᠬᠡᠬᠡᠷ᠎ᠠ ᠲᠠᠯ᠎ᠠ》
4 ᠰᠠᠷ᠎ᠠ ᠵᠢᠨ 23᠎ᠤ᠋ ᠳᠡᠯᠡᠬᠡᠢ ᠵᠢᠨ ᠨᠣᠮ ᠤᠩᠰᠢᠬᠤ ᠡᠳᠦᠷ᠂ ᠠᠯᠳᠠᠷᠲᠤ ᠵᠣᠬᠢᠶᠠᠯᠴᠢ᠂ ᠲᠡᠦᠬᠡ ᠰᠣᠶᠣᠯ ᠵᠦᠢ ᠰᠤᠳᠤᠯᠤᠭᠠᠴᠢ ᠲ·ᠭᠣᠮᠪᠣᠵᠠᠪ᠎ᠤᠨ 《ᠬᠡᠭᠡᠷ᠎ᠡ ᠲᠠᠯ᠎ᠠ》 ᠷᠣᠮᠠᠨᠤ ᠲᠠᠷᠬᠠᠭᠠᠯᠲᠠ ᠵᠢᠨ ᠶᠣᠰᠣᠯᠠᠯ ᠵᠢᠴᠢ ᠰᠣᠨᠢᠨ ᠮᠡᠳᠡᠭᠡ ᠨᠡᠢᠲᠡᠯᠡᠬᠦ ᠬᠤᠷᠠᠯ ᠬᠦᠬᠡᠬᠤᠳᠠ᠎ᠳᠦ ᠶᠠᠪᠤᠭᠳᠠᠪᠠ᠃
ᠠᠵᠢᠯᠯᠠᠭ᠎ᠠ᠎ᠶᠢ ᠥᠪᠥᠷ ᠮᠣᠩᠭᠣᠯ᠎ᠤᠨ ᠤᠳᠬ᠎ᠠ ᠤᠷᠠᠯᠢᠭ᠋᠎ᠤᠨ ᠬᠢᠨ᠎ᠤ ᠬᠤᠯᠪᠣᠭ᠎ᠠ᠎ᠠᠴᠠ ᠭᠣᠣᠯᠯᠠᠨ ᠡᠷᠭᠢᠯᠡᠵᠦ᠂ ᠥᠪᠥᠷ ᠮᠣᠩᠭᠣᠯ᠎ᠤᠨ ᠵᠣᠬᠢᠶᠠᠯᠴᠢᠳ᠎ᠤᠨ ᠨᠡᠢᠭᠡᠮᠯᠢᠭ᠂ ᠥᠪᠥᠷ ᠮᠣᠩᠭᠣᠯ᠎ᠤᠨ ᠤᠳᠬ᠎ᠠ ᠵᠣᠬᠢᠶᠠᠯ ᠰᠡᠳᠬᠦᠯ᠎ᠤᠨ ᠬᠣᠷᠢᠶ᠎ᠠ ᠡᠴᠡ ᠳᠠᠭᠠᠭᠠᠴᠢᠯᠠᠨ ᠡᠷᠬᠢᠯᠡᠭᠰᠡᠨ ᠪᠠ ᠣᠷᠣᠨ᠎ᠤ ᠳᠣᠲᠣᠨ᠎ᠠ ᠭᠠᠳᠠᠨᠠᠬᠢ ᠨᠠᠷᠠᠲᠤ ᠵᠣᠬᠢᠶᠠᠯᠴᠢ᠂ ᠤᠳᠬ᠎ᠠ ᠵᠣᠬᠢᠶᠠᠯ᠎ᠤᠨ ᠰᠢᠭᠦᠮᠵᠢᠯᠡᠭᠴᠢ ᠵᠢᠴᠢ ᠡᠯ᠎ᠡ ᠡᠲᠡᠭᠡᠳ᠎ᠤᠨ ᠰᠣᠶᠣᠯ᠎ᠤᠨ ᠬᠥᠮᠥᠰ 100 ᠭᠠᠷᠤᠢ ᠬᠥᠮᠥᠨ ᠲᠤᠬᠠᠢ᠎ᠶᠢᠨ ᠲᠠᠯᠠᠪᠤᠷ᠎ᠲᠤ ᠴᠤᠭᠯᠠᠷᠠᠵᠤ᠂ ᠲᠤᠰ ᠷᠣᠮᠠᠨᠤ ᠤᠳᠬ᠎ᠠ ᠵᠣᠬᠢᠶᠠᠯ᠎ᠤᠨ ᠦᠨ᠎ᠡ ᠥᠷᠲᠡᠭ ᠬᠢᠭᠡᠳ ᠴᠠᠭ ᠦᠶ᠎ᠡ᠎ᠶᠢᠨ ᠠᠴᠢ ᠬᠣᠯᠪᠣᠭᠳᠠᠯ᠎ᠤᠨ ᠲᠤᠬᠠᠢ ᠭᠦᠨᠵᠡᠭᠡᠢ ᠶᠠᠷᠢᠯᠴᠠᠭᠠᠥᠷᠨᠢᠭᠦᠯᠦᠯᠡ᠃
2025 ᠣᠨ᠎ᠤ 7 ᠰᠠᠷ᠎ᠠ᠎ᠳᠤ᠂ 《ᠬᠡᠭᠡᠷ᠎ᠡ ᠲᠠᠯ᠎ᠠ》 ᠷᠣᠮᠠᠨ ᠳᠤᠮᠳᠠᠳᠤ ᠤᠯᠤᠰ᠎ᠤᠨ ᠵᠣᠬᠢᠶᠠᠯᠴᠢᠳ᠎ᠤᠨ ᠡᠪᠯᠡᠯ᠎ᠤᠨ 《ᠰᠢᠨ᠎ᠡ ᠡᠷᠢᠨᠦ ᠤᠳᠬ᠎ᠠ ᠵᠣᠬᠢᠶᠠᠯ᠎ᠤᠨ ᠤᠷᠬᠢᠯ᠎ᠳᠤ ᠮᠠᠴᠤᠬᠤ ᠲᠥᠯᠥᠪᠯᠡᠭᠡ》᠎ᠳ᠋ᠤ ᠠᠮᠵᠢᠯᠲᠠ᠎ᠲᠠᠢ ᠰᠣᠩᠭᠣᠭᠳᠠᠵᠤ᠂ ᠣᠳᠣᠬᠠᠨ ᠪᠣᠯᠳᠠᠯᠠᠬᠢ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠲᠣᠰ ᠲᠥᠯᠥᠪᠯᠡᠭᠡ᠎ᠳᠤ ᠰᠣᠩᠭᠣᠭᠳᠠᠭᠰᠠᠨ ᠴᠤᠷ᠎ᠤᠨ ᠭᠠᠭᠴᠠ ᠪᠦᠲᠦᠭᠡᠯ ᠪᠠᠢᠵᠤ᠂ ᠡᠨᠡ ᠨᠢ ᠲᠤᠰ ᠷᠣᠮᠠᠨᠤ ᠤᠳᠬ᠎ᠠ ᠵᠣᠬᠢᠶᠠᠯ᠎ᠤᠨ ᠦᠨ᠎ᠡ ᠥᠷᠲᠡᠭ ᠬᠢᠭᠡᠳ ᠵᠣᠬᠢᠶᠠᠨ ᠪᠦᠲᠦᠭᠡᠬᠦ ᠬᠢᠷᠢ ᠲᠦᠪᠰᠢᠨ᠎ᠢ ᠭᠦᠢᠴᠡᠳ ᠢᠯᠡᠷᠡᠭᠦᠯᠦᠨ᠂ ᠮᠠᠨ᠎ᠤ ᠣᠷᠣᠨ᠎ᠤ ᠣᠢᠷ᠎ᠠ᠎ᠶᠢᠨ ᠵᠢᠯ ᠡᠴᠡ ᠨᠠᠭᠠᠰᠢᠬᠢ ᠤᠳᠬ᠎ᠠ ᠵᠣᠬᠢᠶᠠᠯ᠎ᠤᠨ ᠡᠭᠦᠳᠦᠨ ᠪᠦᠲᠦᠭᠡᠯᠲᠡ ᠵᠢᠨ ᠬᠦᠷᠢᠶᠡᠨ ᠳ᠋ᠡᠬᠢ ᠨᠢᠳᠦ ᠭᠢᠯᠠᠰᠤᠮ᠎ᠠ ᠦᠷ᠎ᠡ ᠪᠦᠲᠦᠭᠡᠯ ᠪᠣᠯᠣᠯ᠎ᠠ᠃
《 ᠰᠢᠨ᠎ᠡ ᠡᠷᠢᠨᠦ ᠤᠳᠬ᠎ᠠ ᠵᠣᠬᠢᠶᠠᠯ᠎ᠤᠨ ᠤᠷᠬᠢᠯ᠎ᠳᠤ ᠮᠠᠴᠤᠬᠤ ᠲᠥᠯᠥᠪᠯᠡᠭᠡ》 ᠪᠣᠯ ᠳᠤᠮᠳᠠᠳᠤ ᠤᠯᠤᠰ᠎ᠤᠨ ᠵᠣᠬᠢᠶᠠᠯᠴᠢᠳ᠎ᠤᠨ ᠡᠪᠯᠡᠯ ᠡᠴᠡ 2022 ᠣᠨ᠎ᠤ 7 ᠰᠠᠷ᠎ᠠ᠎ᠳᠤ ᠡᠬᠢᠯᠡᠵᠦ ᠶᠠᠪᠤᠭᠳᠠᠭᠤᠯᠤᠭᠰᠠᠨ᠂ ᠡᠬᠢ ᠪᠠᠶᠠᠯᠢᠭ᠋᠎ᠢ ᠨᠡᠢᠳᠬᠡᠬᠦ᠎ᠪᠡᠷ ᠲᠠᠮᠵᠢᠨ ᠤᠳᠬ᠎ᠠ ᠵᠣᠬᠢᠶᠠᠯ᠎ᠤᠨ ᠰᠢᠯᠢᠳᠡᠭ ᠵᠣᠬᠢᠶᠠᠨ ᠪᠦᠲᠦᠭᠡᠯᠭᠡ ᠪᠣᠯᠣᠨ ᠲᠠᠮᠵᠢᠭᠤᠯᠭ᠎ᠠ᠎ᠶᠢ ᠠᠬᠢᠭᠤᠯᠬᠤ᠂ ᠨᠢᠭᠡ ᠪᠦᠯᠦᠭ ᠦᠵᠡᠯ ᠰᠠᠨᠠᠭᠠᠴᠢ ᠴᠢᠨᠠᠷ ᠬᠢᠭᠡᠳ ᠤᠷᠠᠯᠢᠭ᠍ᠴᠢ ᠴᠢᠨᠠᠷ ᠬᠣᠣᠰᠯᠠᠭᠰᠠᠨ ᠤᠳᠬ᠎ᠠ ᠵᠣᠬᠢᠶᠠᠯ᠎ᠤᠨ ᠰᠣᠳᠣᠨ ᠪᠦᠲᠦᠭᠡᠯ᠎ᠢ ᠦᠷᠭᠦᠯᠵᠢᠯᠡᠨ ᠭᠠᠷᠭᠠᠬᠤ᠂ ᠰᠢᠨ᠎ᠡ ᠴᠠᠭ ᠦᠶ᠎ᠡ᠎ᠶᠢᠨ ᠤᠳᠬ᠎ᠠ ᠵᠣᠬᠢᠶᠠᠯ᠎ᠤᠨ ᠴᠢᠨᠠᠷ ᠰᠠᠢᠲᠠᠢ ᠬᠥᠭᠵᠢᠯᠲᠡ᠎ᠶᠢ ᠤᠯᠠᠮ ᠨᠢᠭᠡᠨ ᠠᠯᠬᠤᠮ ᠬᠥᠲᠥᠯᠥᠨ ᠳᠠᠭᠠᠭᠤᠯᠬᠤ ᠤᠯᠤᠰ᠎ᠤᠨ ᠲᠡᠰ᠎ᠦᠨ ᠲᠦᠯᠦᠪᠯᠡᠭᠡ ᠪᠣᠯᠣᠨ᠎ᠠ᠃
ᠬᠦᠷᠢᠶ᠎ᠡ ᠵᠢᠨ 《ᠬᠡᠬᠡᠷ᠎ᠠ ᠲᠠᠯ᠎ᠠ》
《ᠬᠡᠭᠡᠷ᠎ᠡ ᠲᠠᠯ᠎ᠠ》 ᠷᠣᠮᠠᠨ ᠴᠢᠩ ᠤᠯᠤᠰ᠎ᠤᠨ ᠰᠡᠭᠦᠯᠴᠢ ᠲᠤᠮᠳᠠᠳᠤ ᠢᠷᠭᠡᠨ ᠤᠯᠤᠰ᠎ᠤᠨ ᠡᠬᠢᠨ᠎ᠦ ᠭᠤᠴᠢ ᠭᠠᠷᠤᠢ ᠵᠢᠯ᠎ᠦᠨ ᠲᠡᠦᠬᠡᠨ ᠴᠠᠭ ᠦᠶ᠎ᠡ᠎ᠪᠡᠷ ᠳᠡᠪᠢᠰᠬᠡᠷᠯᠡᠵᠦ᠂ ᠬᠦᠷᠢᠶ᠎ᠡ ᠵᠢᠨ ᠲᠠᠯ᠎ᠠ ᠨᠤᠳᠤᠭ ᠲᠤ ᠪᠣᠯᠤᠭᠰᠠᠨ ᠬᠥᠭᠵᠢᠯᠲᠡ ᠬᠤᠪᠢᠷᠠᠯᠲᠠ᠎ᠶᠢ ᠲᠣᠭᠠᠴᠢᠬᠤ ᠪᠡᠷ ᠳᠠᠮᠵᠢᠨ᠂ ᠨᠡᠭᠦᠳᠡᠯ ᠮᠠᠯᠵᠢᠯ᠎ᠤᠨ ᠪᠣᠯᠪᠠᠰᠤᠨ᠎ᠤ ᠴᠠᠭ ᠦᠶ᠎ᠡ ᠵᠢᠨ ᠬᠥᠭᠵᠢᠯᠲᠡ ᠳᠤᠮᠳᠠᠬᠢ ᠬᠤᠪᠢᠷᠠᠯᠲᠠ ᠪᠠ ᠲᠠᠪᠰᠢᠯᠲᠠ᠎ᠶᠢ ᠤᠷᠠᠯᠢᠭ ᠵᠢᠡᠷ ᠢᠯᠡᠷᠡᠭᠦᠯᠵᠦ᠂ ᠲᠠᠯ᠎ᠠ ᠨᠤᠲᠤᠭ᠎ᠤᠨ ᠪᠣᠯᠪᠠᠰᠤᠨ᠎ᠤ ᠬᠥᠭᠵᠢᠯᠲᠡ᠎ᠶᠢᠨ ᠰᠤᠳᠠᠰᠤ᠎ᠶᠢ ᠪᠢᠴᠢᠭᠯᠡᠨ᠂ ᠦᠨᠳᠦᠰᠦᠲᠡᠨ ᠨᠦ᠍ᠭᠦᠳ᠎ᠦᠨ ᠶᠠᠪᠤᠯᠴᠠᠭ᠎ᠠ ᠰᠣᠯᠢᠯᠴᠠᠭ᠎ᠠ ᠠᠭᠤᠰᠤᠯᠴᠠᠯ᠎ᠢ ᠲᠡᠦᠬᠡ᠂ ᠨᠡᠭᠦᠳᠡᠯᠠᠮᠢᠳᠤᠷᠠᠯ᠂ ᠨᠡᠢᠭᠡᠮ᠎ᠦᠨ ᠬᠥᠭᠵᠢᠯᠲᠡ ᠪᠣᠯᠣᠨ ᠪᠣᠯᠪᠠᠰᠤᠨᠦ ᠲᠤᠬᠠᠢ ᠰᠡᠳᠬᠢᠭᠳᠡᠯ ᠵᠢᠡᠨ ᠵᠤᠬᠢᠶᠠᠯ᠎ᠤᠨ ᠠᠭᠤᠯᠭ᠎ᠠ ᠲᠠᠢ ᠪᠠᠨ ᠬᠠᠪᠰᠤᠷᠭᠠᠵᠤ᠂ ᠬᠦᠦᠷᠨᠢᠯ ᠲᠣᠭᠠᠴᠢᠯᠲᠠ ᠥᠷᠭᠡᠨ ᠳᠡᠯᠭᠡᠷ᠂ ᠪᠦᠲᠦᠭᠡᠭᠰᠡᠨ ᠳᠦᠷᠢ ᠨᠢ ᠠᠮᠢᠳᠤ ᠳᠦᠷᠰᠦᠯᠢᠭ᠂ ᠦᠭᠡ ᠬᠡᠯᠡᠯᠭᠡ ᠨᠢ ᠪᠣᠷᠣᠭᠵᠢᠭᠤᠨ ᠪᠥᠭᠡᠳ ᠭᠦᠨᠵᠡᠭᠡᠢ᠂ ᠲᠡᠦᠬᠡ ᠵᠢᠨ ᠠᠭᠤᠯᠬᠤᠨ ᠨᠢ ᠭᠦᠨ ᠵᠤᠵᠠᠭᠠᠨ ᠮᠥᠷᠲᠡᠭᠡᠨ ᠪᠣᠳᠠᠲᠤ ᠠᠬᠤᠢ ᠲᠠᠢ ᠣᠢᠷᠠᠲᠤᠭᠰᠠᠨ ᠪᠠᠢᠵᠤ᠂ ᠤᠳᠬ᠎ᠠ ᠵᠣᠬᠢᠶᠠᠯ᠎ᠤᠨ ᠠᠷᠭ᠎ᠠ ᠬᠡᠯᠪᠡᠷᠢ᠎ᠪᠠᠷ ᠥᠪᠥᠷ ᠮᠣᠩᠭᠣᠯ᠎ᠤᠨ ᠦᠯᠢᠭᠡᠷ᠎ᠢ ᠠᠮᠢᠳᠤᠯᠢᠭ᠋ ᠪᠣᠳᠠᠲᠠᠢ ᠲᠡᠯᠭᠡᠵᠡᠢ ᠃

《ᠬᠡᠭᠡᠷ᠎ᠡ ᠲᠠᠯ᠎ᠠ》 ᠷᠣᠮᠠᠨᠤ ᠵᠤᠬᠢᠶᠠᠬᠴᠢ ᠲ·ᠭᠣᠮᠪᠣᠵᠠᠪ ᠰᠤᠷᠪᠤᠯᠵᠢᠯᠠᠭ᠎ᠠ ᠬᠦᠯᠢᠶᠠᠵᠤ ᠪᠠᠢᠭ᠎ᠠ ᠨᠢ

《 ᠬᠡᠭᠡᠷ᠎ᠡ ᠲᠠᠯ᠎ᠠ》 ᠷᠣᠮᠠᠨ
ᠡᠷᠳᠡᠮᠳᠡᠳ᠎ᠤᠨ ᠬᠠᠷᠠᠭᠠᠨ᠎ᠳᠡᠬᠢ 《ᠬᠡᠭᠡᠷ᠎ᠡ ᠲᠠᠯ᠎ᠠ》
ᠤᠷᠠᠨ ᠵᠣᠬᠢᠶᠠᠯ᠎ᠤᠨ ᠰᠢᠭᠦᠮᠵᠢᠯᠡᠭᠴᠢ ᠤ·ᠠᠬ᠍ᠲᠠᠢ ——
ᠤᠳᠬ᠎ᠠ ᠪᠦᠲᠦᠴᠡ ᠪᠤᠶᠤ ᠤᠷᠠᠯᠢᠭ᠋ ᠴᠣᠬᠴᠠᠯᠠᠪᠤᠷᠢᠪᠠᠷᠢᠶᠠᠨ ᠬᠡᠨ᠎ᠳᠦ ᠴᠤ᠌ ᠪᠠᠢᠳᠠᠭ ᠦᠭᠡᠢ ᠲᠤᠯᠭ᠎ᠠ᠎ᠶᠢᠨ ᠭᠤᠷᠪᠠᠨ ᠴᠢᠯᠠᠭᠤ ᠵᠢ ᠪᠤᠰᠬᠠᠪᠠ᠃
《 ᠬᠡᠭᠡᠷ᠎ᠡ ᠲᠠᠯ᠎ᠠ 》 ᠷᠣᠮᠠᠨ ᠤᠷᠠᠨ ᠵᠣᠬᠢᠶᠠᠯ᠎ᠤᠨ ᠮᠥᠨ ᠴᠢᠨᠠᠷ᠎ᠠᠴᠠ ᠮᠥᠩᠬᠡ᠎ᠶᠢᠨ ᠰᠢᠨᠵᠢ ᠬᠦᠷᠬᠦ ᠥᠨ᠎ᠠ ᠦᠷᠲᠡᠭ ᠢ ᠢᠯᠡᠷᠡᠭᠦᠯᠵᠦ᠂ ᠤᠯᠠᠨ ᠡᠰᠢ ᠣᠩᠰᠢᠪᠦᠷᠢ ᠬᠢᠭᠡᠳ ᠤᠯᠠᠨ ᠢᠷᠡᠯ ᠨᠣᠭᠳᠠᠪᠤᠷᠢ᠎ᠵᠢ ᠮᠠᠭᠠᠳ ᠪᠣᠢ ᠪᠣᠯᠭᠠᠬᠤ ᠠᠰᠤᠷᠤ ᠥᠨᠳᠥᠷ ᠭᠤᠸ᠎ᠠ ᠲᠠᠭᠠᠰᠢᠶᠠᠯ᠎ᠤᠨ ᠶᠢᠷᠲᠢᠨᠴᠦᠰᠢ ᠣᠩᠰᠢᠭ᠍ᠴᠢᠶᠢᠨ ᠰᠡᠳᠬᠢᠯ᠎ᠦᠨ ᠵᠠᠢ᠎ᠳᠤ ᠦᠯᠡᠳᠡᠭᠡᠪᠡ᠃ ᠤᠴᠢᠷ ᠨᠢ 《 ᠬᠡᠭᠡᠷ᠎ᠡ ᠲᠠᠯ᠎ᠠ》 ᠷᠣᠮᠠᠨ ᠣᠳᠣᠬᠢ ᠤᠷᠠᠨ ᠵᠣᠬᠢᠶᠠᠯ᠎ᠤᠨ ᠵᠣᠬᠢᠶᠠᠨ ᠪᠦᠲᠦᠭᠡᠯᠭᠡ᠎ᠶᠢᠨ ᠥᠨᠳᠥᠷᠯᠢᠭ᠎ᠡᠴᠡ ᠣᠷᠭᠢᠯ ᠥᠭᠡᠳᠡ ᠠᠪᠠᠷᠢᠬᠤ ᠰᠢᠨ᠎ᠡ ᠬᠡᠷᠴᠢᠮᠢ ᠦᠵᠡᠭᠦᠯᠵᠦ᠂ 《 ᠬᠦᠷᠢᠶ᠎ᠡ ᠲᠠᠯ᠎ᠠ ᠨᠤᠲᠤᠭ 》 ᠬᠢᠭᠡᠳ 《 ᠠᠭᠤᠲᠠᠨ ᠸᠠᠩ ᠲᠤᠬᠳᠠᠭᠤᠨ ᠵᠢᠴᠢ ᠬᠣᠰᠢᠭᠤ ᠢᠷᠭᠡᠳ》 ᠭᠡᠬᠦ ᠣᠨᠴᠠᠭᠠᠢ ᠣᠷᠴᠢᠨ ᠲᠣᠭᠣᠷᠢᠨ᠎ᠳᠠᠬᠢ ᠣᠨᠴᠠᠭᠠᠢ ᠬᠥᠮᠥᠰ᠎ᠦᠨ《ᠲᠡᠦᠬᠡ᠂ ᠣᠷᠣᠰᠢᠯ᠂ ᠰᠢᠯᠵᠢᠯᠲᠡ᠂ ᠰᠣᠩᠭᠣᠯᠲᠠ》ᠵᠢᠨ ᠵᠠᠢᠯᠠᠰᠢ ᠦᠭᠡᠢ ᠨᠢᠭᠡᠳᠬᠦ ᠴᠠᠭ ᠦᠶ᠎ᠡ᠎ᠶᠢᠨ ᠴᠢᠳᠬᠤᠯᠠᠩᠢ 《ᠲᠤᠭᠤᠯᠪᠤᠷᠢ᠎ᠶᠢᠨ ᠨᠢᠭᠡᠨ ᠰᠣᠨᠣᠷ᠂ ᠨᠡᠢᠯᠡᠪᠦᠷᠢ᠎ᠶᠢᠨ ᠨᠢᠭᠡᠨ ᠬᠠᠮ》 ᠪᠣᠯᠭᠠᠨ ᠴᠢᠪᠬᠠᠳᠠᠵᠤ᠂ ᠤᠳᠬ᠎ᠠ ᠪᠦᠲᠦᠴᠡ ᠪᠤᠶᠤ ᠤᠷᠠᠯᠢᠭ᠋ ᠴᠣᠬᠴᠠᠯᠠᠪᠤᠷᠢᠪᠠᠷᠢᠶᠠᠨ ᠬᠡᠨ᠎ᠳᠦ ᠴᠤ᠌ ᠪᠠᠢᠳᠠᠭ ᠦᠭᠡᠢ ᠲᠤᠯᠭ᠎ᠠ᠎ᠶᠢᠨ ᠭᠤᠷᠪᠠᠨ ᠴᠢᠯᠠᠭᠤ ᠵᠢ ᠪᠣᠰᠬᠠᠭᠰᠠᠨ ᠪᠠᠢᠨ᠎ᠠ᠃
《 ᠬᠡᠭᠡᠷ᠎ᠡ ᠲᠠᠯ᠎ᠠ 》 ᠷᠣᠮᠠᠨᠤ ᠤᠭ ᠴᠣᠭᠴᠠ ᠤᠷᠠᠨ ᠠᠷᠭ᠎ᠠ᠎ᠶᠢ ᠬᠤᠷᠢᠶᠠᠩᠭᠤᠢᠯᠠᠨ ᠶᠠᠷᠢᠪᠠᠯ᠄ ᠨᠢᠭᠡ᠎ᠳᠦ᠂ ᠤᠳᠬ᠎ᠠ ᠰᠡᠳᠦᠪ᠎ᠦᠨ ᠣᠯᠠᠨ ᠳᠡᠭᠲᠡᠷ ᠪᠦᠲᠦᠴᠡ ᠲᠠᠢ᠃ ᠬᠤᠰᠢᠭᠤ ᠸᠠᠩ ᠲᠤᠬᠳᠠᠭᠤᠨ᠎ᠤ ᠬᠦᠷᠢᠶ᠎ᠡ ᠲᠠᠯ᠎ᠠ ᠨᠤᠲᠤᠭᠲᠡᠬᠢ ᠭᠤᠴᠢᠭᠠᠳ ᠵᠢᠯ᠎ᠦᠨ ᠣᠷᠣᠰᠢᠯ ᠣᠷᠣᠩᠨᠠᠯ ᠨᠢ ᠣᠨᠴᠠᠭᠠᠢ ᠲᠡᠦᠬᠡᠨ ᠴᠠᠭ ᠦᠶ᠎ᠡ᠎ᠶᠢᠨ ᠬᠢᠰᠠᠯ ᠬᠦᠰᠡᠯ ᠬᠢᠭᠡᠳ ᠠᠰᠢᠭ᠋ ᠰᠢᠨᠤᠯ᠎ᠤᠨ ᠡᠪᠯᠡᠷᠡᠰᠢ ᠦᠭᠡᠢ ᠬᠠᠷᠰᠢᠯᠳᠤᠯ᠎ᠤᠨ ᠠᠬᠤᠢ ᠵᠢᠷᠤᠭ᠎ᠢ ᠳᠠᠬᠢᠨ ᠢᠯᠡᠷᠡᠭᠦᠯᠦᠭᠰᠡᠨ ᠪᠠᠢᠨ᠎ᠠ᠃ ᠠᠭᠤᠳᠠᠨ᠂ ᠠᠲᠠᠡᠭ ᠯᠠᠮᠠᠬᠠᠢ᠂ ᠨᠤᠷ᠎ᠬᠢ ᠪᠥᠭᠡ᠂ ᠭᠠᠯᠳᠠᠨ ᠲᠠᠢᠵᠢ᠂ ᠬᠠᠴᠢᠨᠬᠥᠥ᠂ ᠭᠡᠭᠡ ᠵᠡᠷᠭᠡ ᠬᠦᠷᠢᠶ᠎ᠡ᠎ᠶᠢᠨ ᠬᠥᠮᠥᠰ ᠬᠢᠭᠡᠳ ᠭᠠᠳᠠᠭᠠᠳᠤ ᠳᠣᠲᠣᠭᠠᠳᠤ᠎ᠶᠢᠨ ᠡᠯᠳᠡᠪ ᠰᠠᠨᠠᠭ᠎ᠠ ᠤᠯᠠᠨ ᠰᠡᠳᠬᠢᠯᠲᠦ ᠵᠠᠪᠰᠢᠭ᠍ᠴᠢᠶᠢᠨ ᠬᠣᠭᠤᠷᠤᠨᠳᠦᠬᠢ ᠥᠯᠢᠭᠡᠷ ᠨᠢ ᠦᠨᠡᠨ᠎ᠳᠡᠭᠡᠨ ᠬᠥᠮᠥᠨ ᠲᠥᠷᠥᠯᠬᠢᠲᠡᠨ᠎ᠦ 《ᠣᠣᠷ ᠴᠢᠳᠠᠮᠵᠢ ᠴᠢᠨᠠᠷ ᠬᠢᠭᠡᠳ ᠣᠷᠣᠰᠢᠯ ᠲᠣᠭᠲᠠᠨᠢᠯ᠂ ᠠᠰᠢᠭ᠋ ᠲᠤᠰᠠ ᠬᠢᠭᠡᠳ ᠠᠮᠢ ᠠᠮᠢᠳᠤᠷᠠᠯ᠂ ᠴᠠᠭ ᠲᠡᠦᠬᠡ ᠬᠢᠭᠡᠳ ᠰᠢᠯᠵᠢᠯ ᠰᠣᠩᠭᠣᠯᠲᠠ᠂ ᠬᠠᠮᠲᠤ ᠴᠣᠭᠴᠠ ᠬᠢᠭᠡᠳ ᠠᠭᠤᠰᠤᠯ ᠨᠢᠭᠡᠳᠦᠯ᠂ ᠦᠨᠳᠦᠰᠦᠲᠡᠨ ᠶᠠᠰᠦᠲᠠᠨ ᠬᠢᠭᠡᠳ ᠤᠯᠤᠰ ᠭᠡᠷ》 ᠮᠥᠩᠬᠡ ᠣᠷᠣᠰᠢᠬᠤ ᠪᠣᠯᠪᠠᠰᠤᠨ᠎ᠤ ᠭᠦᠨ ᠤᠬᠠᠭᠠᠨ᠎ᠤ ᠦᠷᠲᠡᠭ᠎ᠦᠨ ᠰᠢᠰᠲᠧᠮ᠎ᠢ ᠴᠣᠭᠴᠠᠯᠠᠵᠠᠢ᠃ ᠡᠨᠡ ᠨᠢ ᠳᠠᠷᠤᠢ 《ᠳᠣᠲᠣᠭᠠᠳᠤ ᠨᠢᠭ᠍ᠲᠠᠷᠠᠯ᠂ ᠭᠠᠳᠠᠭᠠᠳᠤ ᠠᠭᠤᠰᠤᠯ》 ᠭᠡᠬᠦ ᠳᠤᠮᠳᠠᠳᠦ᠎ᠶᠢᠨ ᠦᠨᠳᠦᠰᠦᠲᠡᠨ᠎ᠦ ᠵᠣᠷᠢᠭ᠋ ᠰᠠᠨᠠᠭᠠᠨ᠎ᠤ ᠰᠦᠭ ᠰᠦᠨᠡᠰᠦ ᠪᠣᠯᠣᠨ᠎ᠠ᠃ ᠬᠣᠶᠠᠷ᠎ᠲᠤ᠂ ᠬᠦᠦᠷᠨᠢᠯ ᠤᠷᠠᠯᠢᠭ᠋᠎ᠤᠨ ᠥᠪᠡᠷᠴᠢᠯᠡᠬᠦ ᠵᠠᠭᠪᠤᠷ ᠲᠠᠢ᠃ 《ᠬᠡᠭᠡᠷ᠎ᠡ ᠲᠠᠯ᠎ᠠ》 ᠷᠣᠮᠠᠨ ᠨᠢ ᠭᠤᠸ᠎ᠠ ᠤᠷᠠᠯᠢᠭ᠋᠎ᠤᠨ ᠲᠠᠯ᠎ᠠ᠎ᠪᠠᠷ 《ᠬᠦᠦᠷᠨᠢᠯ᠎ᠦᠨ ᠲᠤᠤᠯᠢᠰ ᠬᠢᠭᠡᠳ ᠲᠤᠤᠯᠢᠰ᠎ᠤᠨ ᠬᠦᠦᠷᠨᠢᠯ》 ᠤᠶᠠᠯᠳᠤᠭᠤᠯᠤᠭᠰᠠᠨ ᠬᠡᠪ ᠵᠠᠨᠠᠷ ᠲᠡᠭᠦᠯᠳᠡᠷ ᠪᠠᠢᠳᠠᠭ ᠠᠷᠪᠠᠨ ᠬᠣᠶᠠᠷ ᠦᠯᠢᠭᠡᠷ ᠬᠦᠦᠷᠨᠢᠯ᠎ᠦᠨ ᠮᠤᠲᠸᠪ ᠦᠯᠢᠭᠡᠷ ᠢᠯᠡᠷᠬᠡᠢ ᠲᠣᠳᠣᠷᠠᠭᠤᠨ᠂ ᠪᠦᠬᠦᠯᠢ ᠴᠣᠭᠴᠠ᠎ᠶᠢᠨ ᠬᠤᠪᠢ᠎ᠳᠤ 《ᠤᠯᠤᠰ ᠭᠡᠷ᠎ᠤᠨ ᠬᠦᠦᠷᠨᠢᠯ᠂ ᠲᠤᠤᠯᠢᠰᠵᠢᠯ ᠬᠦᠦᠷᠨᠢᠯ᠂ ᠰᠣᠶᠣᠯ ᠰᠡᠳᠬᠢᠯ᠎ᠦᠨ ᠬᠦᠦᠷᠨᠢᠯ᠂ ᠰᠢᠯᠦᠭᠯᠡᠯᠲᠦ ᠬᠦᠦᠷᠨᠢᠯ᠂ ᠲᠠᠢᠯᠤᠮᠵᠢ ᠬᠦᠦᠷᠨᠢᠯ》 ᠭᠡᠬᠦ ᠰᠢᠨ᠎ᠡ ᠨᠢᠭᠡᠨ ᠬᠡᠪ ᠨᠠᠮᠪᠠ᠎ᠶᠢ ᠡᠭᠦᠳᠦᠯ᠎ᠡ ᠭᠡᠵᠦ ᠬᠡᠯᠡᠵᠦ ᠪᠣᠯᠣᠨ᠎ᠠ᠃ ᠡᠨᠡ ᠨᠢ ᠦᠨᠡᠨ᠎ᠳᠡᠭᠡᠨ ᠰᠢᠳᠢᠲᠦ ᠦᠯᠢᠭᠡᠷ ᠳᠣᠮᠤᠭ ᠲᠤᠤᠯᠢᠰ᠎ᠤᠨ ᠣᠣᠷ ᠰᠢᠨᠵᠢ ᠬᠢᠭᠡᠳ ᠰᠢᠯᠦᠭ ᠨᠠᠢᠷᠠᠭ᠎ᠤᠨ ᠠᠷᠭ᠎ᠠ ᠪᠠᠷᠢᠯ ᠲᠠᠢ ᠤᠶᠠᠯᠳᠤᠭᠰᠠᠨ ᠲ·ᠭᠣᠮᠪᠣᠵᠠᠪ᠎ᠤᠨ ᠦᠷᠭᠦᠯᠵᠢ ᠪᠠᠷᠢᠮᠲᠠᠯᠠᠨ ᠪᠦᠲᠦᠭᠡᠭᠰᠡᠨ ᠨᠢᠭᠡᠨ ᠵᠦᠢᠯ᠎ᠦᠨ ᠬᠦᠦᠷᠨᠢᠯ ᠪᠠᠢᠭ᠎ᠠ ᠶᠤᠮ᠃ 《ᠬᠡᠭᠡᠷ᠎ᠡ ᠲᠠᠯ᠎ᠠ》 ᠷᠣᠮᠠᠨ ᠨᠢ ᠠᠮᠢᠳᠤᠷᠠᠯ ᠦᠯᠢᠭᠡᠷ ᠤᠷᠠᠯᠢᠭ᠋᠎ᠢᠶᠠᠷ ᠳᠤᠮᠳᠠᠳᠦ᠎ᠶᠢᠨ ᠦᠨᠳᠦᠰᠦᠲᠡᠨ᠎ᠦ ᠬᠠᠮᠲᠤ᠎ᠶᠢᠨ ᠴᠣᠭᠴᠠ᠎ᠶᠢᠨ ᠤᠬᠠᠮᠰᠠᠷ᠎ᠤᠨ ᠲᠡᠦᠬᠡᠨ ᠤᠯᠪᠠᠭ᠎ᠠ ᠴᠠᠭ ᠣᠷᠣᠨ ᠵᠠᠢ᠎ᠶᠢᠨ ᠡᠰᠢ ᠢᠷᠡᠯᠢ ᠢᠯᠡᠷᠡᠭᠦᠯᠦᠭᠰᠡᠨ ᠰᠢᠯᠢᠳᠡᠭ ᠪᠦᠲᠦᠭᠡᠯ ᠪᠣᠯᠬᠣᠷ ᠣᠨᠤᠯ ᠪᠠ ᠠᠷᠭ᠎ᠠ᠎ᠶᠢᠨ ᠨᠡᠩ ᠥᠨᠳᠥᠷ ᠰᠢᠨᠵᠢᠯᠡᠭᠡ ᠰᠤᠳᠤᠯᠭ᠎ᠠ᠂ ᠨᠡᠩ ᠭᠦᠨᠵᠡᠭᠡᠢ ᠨᠤᠲᠠᠯᠠᠯ ᠥᠭᠦᠯᠡᠮᠵᠢ ᠦᠷᠭᠥᠯᠵᠢ ᠢᠯᠡᠷᠡᠬᠦ ᠴᠢᠬᠤᠯᠠᠲᠠᠢ ᠪᠠᠢᠭ᠎ᠠ ᠨᠢ ᠮᠡᠳᠡᠭᠡᠵᠢ᠃
ᠥᠪᠥᠷ ᠮᠣᠩᠭᠣᠯ᠎ᠤᠨ ᠵᠣᠬᠢᠶᠠᠯᠴᠢᠳ᠎ᠤᠨ ᠡᠪᠯᠡᠯ᠎ᠦᠨ ᠲᠡᠷᠢᠭᠦᠯᠡᠭᠴᠢ ᠳᠣᠷᠣᠨᠠᠲ᠋ᠡᠭᠷᠢ ——
《 ᠬᠡᠭᠡᠷ᠎ᠡ ᠲᠠᠯ᠎ᠠ》 ᠷᠣᠮᠠᠨ ᠪᠣᠯ ᠨᠢᠭᠡᠨ ᠯᠤᠲᠤ ᠶᠡᠬᠡ ᠲᠠᠢᠯᠪᠤᠷᠢᠯᠠᠯᠲᠠ ᠵᠢᠨ ᠬᠦᠴᠦᠨ ᠲᠠᠢ ᠬᠡᠷᠡᠭ ᠶᠠᠪᠤᠳᠠᠯ᠎ᠤᠨ ᠲᠣᠭᠠᠴᠢᠯᠲᠠ ᠵᠢᠨ ᠰᠢᠰᠲᠸᠮ ᠪᠣᠯᠣᠨ᠎ᠠ᠃
ᠬᠦᠷᠢᠶ᠎ᠡ ᠲᠠᠯ᠎ᠠ ᠨᠤᠲᠤᠭ᠎ᠲᠤ ᠪᠣᠯᠤᠭᠰᠠᠨ ᠵᠠᠭᠤᠨ ᠵᠢᠯ᠎ᠦᠨ ᠤᠯᠠᠷᠢᠯ ᠬᠤᠪᠢᠰᠤᠯ ᠨᠢ ᠣᠶᠣᠮᠤ ᠬᠡᠷ ᠤᠭᠰᠠᠭᠠᠨᠤ ᠰᠢᠯᠵᠢᠯ ᠨᠡᠭᠦᠳᠡᠯ᠎ᠦᠨ ᠲᠤᠤᠯᠢᠰ ᠲᠡᠳᠦᠢ ᠦᠭᠡᠢ᠂ ᠨᠡᠩ ᠴᠤ᠌ ᠣᠳᠣᠬᠢᠴᠢᠯᠠᠯᠲᠠ ᠵᠢᠨ ᠰᠠᠯᠬᠢ ᠰᠢᠭᠤᠷᠭ᠎ᠠ ᠤᠮᠠᠷᠠᠲᠠᠬᠢ᠎ᠨᠢ ᠬᠤᠢᠯᠠᠷᠠᠭᠤᠯᠤᠭᠰᠠᠨ ᠪᠣᠯᠪᠠᠰᠤᠨ᠎ᠤ ᠶᠣᠭᠲᠠ ᠦᠯᠢᠭᠡᠷ ᠪᠣᠯᠬᠤ ᠶᠤᠮ᠃
ᠤᠳᠬ᠎ᠠ ᠤᠷᠠᠯᠢᠭ᠋᠎ᠤᠨ ᠤᠬᠠᠭᠠᠨ᠎ᠤ ᠬᠠᠷᠠᠭᠠᠰᠤ ᠡᠴᠡ ᠦᠵᠡᠪᠡᠯ᠂ ᠲᠤᠰ ᠵᠣᠬᠢᠶᠠᠯ ᠨᠢ ᠬᠦᠷᠢᠶ᠎ᠡ ᠲᠠᠯ᠎ᠠ ᠨᠤᠲᠤᠭ ᠵᠢᠡᠷ ᠳᠡᠪᠢᠰᠬᠡᠷᠯᠡᠨ᠂ ᠣᠷᠣᠨ ᠪᠦᠰᠡ ᠵᠢᠨ ᠬᠢᠵᠠᠭᠠᠷᠯᠠᠯ ᠡᠴᠡ ᠦᠰᠦᠷᠦᠨ ᠭᠠᠷᠴᠤ᠂ ᠣᠳᠣᠬᠢᠴᠢᠯᠠᠬᠤ ᠬᠤᠪᠢᠰᠤᠯᠲᠠ ᠪᠣᠯᠣᠨ ᠬᠥᠷᠥᠩᠭᠡ᠎ᠶᠢᠨ ᠲᠡᠯᠡᠭᠳᠡᠯ᠎ᠤᠨ ᠴᠠᠭ ᠦᠶ᠎ᠡ᠎ᠶᠢᠨ ᠠᠬᠤᠢ ᠪᠠᠢᠳᠠᠯ᠎ᠳᠦ ᠰᠠᠭᠤᠷᠢᠯᠠᠨ᠂ ᠳᠡᠯᠡᠬᠡᠢ᠎ᠶᠢᠨ ᠴᠢᠨᠠᠷᠲᠠᠢ ᠤᠳᠬ᠎ᠠ ᠵᠣᠬᠢᠶᠠᠯ᠎ᠤᠨ ᠲᠣᠭᠠᠴᠢᠯᠲᠠ᠎ᠶᠢᠨ ᠪᠠᠢᠷᠢᠰᠢᠯ᠎ᠢ ᠪᠠᠢᠭᠤᠯᠵᠠᠢ᠃ ᠪᠦᠲᠦᠭᠡᠯ ᠨᠢ ᠡᠷᠢᠨ ᠵᠠᠭᠤᠨ᠎ᠤ ᠠᠭᠤᠯᠵᠠᠪᠤᠷᠢ ᠳ᠋ᠡᠬᠢ ᠨᠡᠢᠭᠡᠮ᠎ᠤᠨ ᠬᠤᠪᠢᠰᠤᠯᠲᠠ ᠵᠢᠨ ᠶᠡᠬᠡ ᠤᠷᠤᠰᠬᠠᠯ᠎ᠳᠤ ᠬᠠᠷᠠᠭ᠎ᠠ ᠲᠠᠯᠪᠢᠨ᠂ ᠣᠶᠣᠮᠤ ᠬᠡᠷ ᠤᠭᠰᠠᠭᠠᠨᠤ ᠨᠡᠭᠦᠳᠡᠯ᠂ ᠲᠡᠮᠡᠴᠡᠯ ᠵᠢᠡᠷ ᠳᠠᠮᠵᠢᠭᠤᠯᠤᠨ ᠪᠣᠳᠠᠭᠠᠯᠢ ᠪᠡᠶ᠎ᠡ ᠵᠢᠨ ᠬᠤᠪᠢ ᠲᠠᠪᠢᠯᠠᠩ ᠵᠢᠴᠢ ᠤᠯᠤᠰ ᠭᠡᠷ᠎ᠦᠨ ᠬᠤᠪᠢ ᠵᠠᠶᠠᠭ᠎ᠠ᠎ᠶᠢ ᠰᠢᠨᠵᠢᠯᠡᠨ ᠪᠢᠴᠢᠭᠯᠡᠭᠰᠡᠨ ᠪᠠᠢᠳᠠᠭ᠃ ᠡᠭᠦᠨ᠎ᠤ ᠬᠠᠮᠲᠤ᠂ ᠳᠠᠯᠳᠠ ᠵᠦᠢᠷᠯᠡᠯ ᠪᠣᠯᠣᠨ ᠶᠣᠭᠲᠠᠯᠠᠭᠰᠠᠨ ᠦᠯᠢᠭᠡᠷ᠎ᠦᠨ ᠬᠡᠯᠪᠡᠷᠢ ᠪᠡᠷ ᠬᠥᠮᠥᠨ ᠴᠢᠨᠠᠷ᠎ᠤᠨ ᠪᠢᠰᠢᠯᠭᠠᠯ ᠪᠣᠯᠣᠨ ᠣᠳᠣᠬᠢᠴᠢᠯᠠᠭᠰᠠᠨ ᠡᠷᠬᠢᠴᠡᠭᠦᠯᠦᠯᠲᠡᠶᠢ ᠳᠠᠯᠳᠠ ᠪᠡᠷ ᠳᠠᠮᠵᠢᠭᠤᠯᠵᠤ᠂ ᠦᠯᠢᠭᠡᠷᠴᠢ ᠴᠢᠨᠠᠷ ᠪᠠ ᠦᠵᠡᠯ ᠰᠠᠨᠠᠭᠠᠨ᠎ᠤ ᠭᠦᠨᠴᠡ᠎ᠶᠢ ᠵᠡᠷᠭᠡ ᠪᠡᠷ ᠪᠦᠷᠢᠯᠳᠦᠭᠦᠯᠦᠨ᠂ ᠳᠤᠷ᠎ᠠ ᠰᠣᠨᠢᠷᠬᠠᠯ ᠪᠣᠯᠣᠨ ᠭᠦᠨ ᠰᠠᠨᠠᠭᠠᠨ᠎ᠤ ᠨᠢᠭᠡᠳᠦᠯ᠎ᠢ ᠪᠡᠶᠡᠯᠡᠭᠦᠯᠦᠭᠰᠡᠨ ᠪᠠᠢᠨ᠎ᠠ᠃
ᠬᠠᠷᠢᠴᠠᠭᠤᠯᠤᠭᠰᠠᠨ ᠤᠳᠬ᠎ᠠ ᠵᠣᠬᠢᠶᠠᠯ ᠤᠨ ᠬᠠᠷᠠᠭᠠᠰᠤ ᠡᠴᠡ ᠦᠵᠡᠪᠡᠯ᠂ 《ᠬᠡᠭᠡᠷ᠎ᠡ ᠲᠠᠯ᠎ᠠ》 ᠪᠣᠯᠣᠨ 《 ᠵᠠᠭᠤᠨ ᠵᠢᠯ᠎ᠦᠨ ᠭᠠᠭᠴᠠᠭᠠᠷᠳᠠᠯ》 ᠳ᠋ᠤ ᠪᠦᠷ ᠬᠡᠷ ᠤᠭᠰᠠᠭᠠᠨᠦ ᠲᠤᠤᠯᠢ ᠪᠠ ᠰᠢᠳᠢᠲᠦ ᠠᠬᠤᠢᠴᠢ ᠦᠵᠡᠯ᠎ᠦᠨ ᠭᠧᠨ ᠠᠭᠤᠯᠤᠭᠳᠠᠵᠤ᠂ ᠪᠣᠯᠪᠠᠰᠤᠨ᠎ᠤ ᠣᠳᠣᠬᠢᠴᠢᠯᠠᠭᠰᠠᠨ ᠴᠢᠨᠠᠷ ᠲᠠᠢ ᠬᠦᠴᠢᠷ ᠪᠡᠷᠬᠡᠰᠢᠶᠡᠯ᠎ᠢ ᠪᠢᠴᠢᠭᠯᠡᠭᠰᠡᠨ ᠪᠠᠢᠳᠠᠭ᠃ ᠭᠡᠬᠦ᠎ᠳᠡᠭᠡᠨ ᠡᠨᠡ ᠬᠣᠶᠠᠷ ᠵᠣᠬᠢᠶᠠᠯ᠎ᠤᠨ ᠳᠣᠲᠣᠭᠠᠳᠤ ᠴᠥᠮ᠎ᠡ ᠨᠢ ᠡᠷᠡᠰ ᠣᠨᠳᠣᠣ᠃ ᠳᠠᠷᠤᠢ᠂ ᠮᠠᠺᠤᠨᠳᠤ᠋ ᠨᠢ ᠮᠥᠬᠥᠯ ᠪᠠ ᠥᠨᠢ ᠮᠥᠩᠬᠡ ᠵᠢᠨ ᠭᠠᠭᠴᠠᠭᠠᠷᠳᠠᠯ ᠤᠷᠤᠭᠤ ᠶᠠᠪᠤᠵᠤ᠂ ᠬᠦᠷᠢᠶ᠎ᠡ ᠵᠢᠨ ᠨᠡᠭᠦᠳᠡᠯ ᠮᠠᠯᠵᠢᠯ᠎ᠦᠨ ᠪᠣᠯᠪᠠᠰᠤᠨ ᠨᠢ ᠶᠡᠬᠡ ᠨᠢᠭᠡᠳᠦᠯ᠎ᠤᠨ ᠠᠬᠢᠴᠠ ᠳᠤᠮᠳᠠ ᠤᠶᠤᠨ ᠰᠠᠨᠠᠭᠠᠨ᠎ᠤ ᠠᠮᠤᠷ ᠠᠮᠤᠭᠤᠯᠠᠩ᠎ᠢ ᠣᠯᠵᠤ᠂ ᠬᠥᠮᠥᠨ᠎ᠤ ᠬᠤᠪᠢ ᠵᠠᠶᠠᠭᠠᠪᠠᠷ ᠪᠣᠯᠪᠠᠰᠤᠨ᠎ᠤ ᠠᠭᠤᠰᠤᠯᠴᠠᠯ᠎ᠢ ᠪᠢᠴᠢᠭᠯᠡᠵᠦ᠂ ᠭᠠᠭᠴᠠᠭᠠᠷᠳᠠᠮᠠᠯ ᠬᠦᠦᠷᠨᠢᠯ᠎ᠢ ᠰᠢᠪᠲᠤᠯᠤᠨ᠂ ᠬᠠᠮᠲᠤᠷᠠᠨ ᠠᠵᠢᠯᠯᠠᠵᠤ ᠬᠠᠮᠲᠤᠷᠠᠨ ᠣᠷᠣᠰᠢᠬᠤ ᠢᠷᠠᠭᠤ ᠲᠤᠤᠯᠢᠰ᠎ᠢ ᠪᠢᠴᠢᠭᠯᠡᠪᠡ᠃
ᠤᠯᠤᠰ ᠲᠥᠷᠥ᠎ᠶᠢᠨ ᠤᠬᠠᠭᠠᠨ᠎ᠤ ᠬᠠᠷᠠᠭᠠᠰᠤ ᠡᠴᠡ ᠦᠵᠡᠪᠡᠯ᠂ ᠵᠣᠬᠢᠶᠠᠯ ᠳᠣᠲᠣᠷᠠᠬᠢ ᠲᠡᠦᠬᠡ ᠰᠣᠶᠣᠯ᠂ ᠭᠠᠵᠠᠷ ᠨᠤᠲᠤᠭ᠂ ᠦᠨᠳᠦᠰᠦᠲᠡᠨ᠎ᠦ ᠵᠣᠷᠢᠭ᠋ ᠰᠠᠨᠠᠭ᠎ᠠ᠂ ᠡᠬᠡ ᠤᠯᠤᠰ ᠵᠡᠷᠭᠡ ᠠᠭᠤᠯᠤᠭᠳᠠᠬᠤᠨ ᠨᠢ ᠦᠨᠳᠦᠰᠦᠲᠡᠨ᠎ᠨᠦᠭᠦᠳ᠎ᠦᠨ 《ᠲᠠᠪᠤ᠎ᠶᠢ ᠬᠠᠮᠲᠤ ᠪᠡᠷ ᠪᠠᠢᠭᠤᠯᠤᠭᠰᠠᠨ》 ᠭᠡᠳᠡᠭ ᠦᠵᠡᠯ ᠰᠠᠨᠠᠭ᠎ᠠ᠎ᠶᠢ ᠵᠣᠬᠢᠶᠠᠯ ᠦ᠋ᠨ ᠪᠦ᠋ᠬᠦᠢᠯᠡ ᠭᠣᠭᠴᠣᠭᠠᠨ᠎ᠳᠤ ᠪᠦᠷᠢᠮᠦᠰᠦᠨ ᠲᠤᠭᠤᠰᠢᠯᠠᠭᠤᠯᠤᠭᠰᠠᠨ ᠪᠠᠢᠭ᠎ᠠ ᠶᠤᠮ᠃
ᠵᠣᠬᠢᠶᠠᠭ᠍ᠴᠢ ᠲ·ᠭᠣᠮᠪᠣᠵᠠᠪ ——
《 ᠬᠡᠭᠡᠷ᠎ᠡ ᠲᠠᠯ᠎ᠠ 》 ᠷᠣᠮᠠᠨ ᠪᠤᠯ ᠬᠥᠮᠥᠨ ᠲᠥᠷᠥᠯᠬᠢᠲᠡᠨ᠎ᠤ ᠬᠠᠷᠠᠭᠠᠰᠤᠨ ᠲᠤᠤᠷᠠᠬᠢ ᠲᠠᠯ᠎ᠠ ᠨᠤᠳᠤᠭ᠎ᠤᠨ ᠠᠮᠢᠳᠤᠷᠠᠯ᠂ ᠰᠤᠶᠤᠯ᠂ ᠲᠡᠤᠭᠡ ᠵᠢᠨ ᠲᠤᠬᠠᠢ ᠬᠦᠤᠷᠨᠢᠯ ᠪᠤᠯᠤᠨ᠎ᠠ᠃
ᠷᠤᠮᠠᠨ᠎ᠳᠤ ᠪᠢ ᠲᠡᠤᠭᠡᠨ ᠵᠠᠮ ᠴᠢᠭᠯᠡᠯ᠎ᠤᠨ ᠲᠤᠬᠠᠢ ᠬᠠᠢᠨ ᠲᠤᠳᠤᠯᠤᠯᠳᠠ᠂ ᠨᠡᠬᠦᠳᠡᠯ ᠮᠠᠯᠵᠢᠯ ᠠᠮᠢᠳᠤᠷᠠᠯ᠎ᠤᠨ ᠬᠡᠯᠪᠡᠷᠢ ᠵᠠᠬᠪᠤᠷ᠎ᠤᠨ ᠲᠤᠬᠠᠢ ᠬᠢᠨᠡᠪᠤᠷᠢ ᠰᠢᠨᠵᠢᠯᠡᠯ᠂ ᠲᠡᠤᠭᠡ ᠪᠤᠯᠪᠠᠰᠤᠨ᠎ᠤ ᠮᠤᠷᠤᠢᠯᠳᠡ ᠵᠢᠨ ᠲᠤᠬᠠᠢ ᠠᠵᠢᠬᠯᠠᠯ ᠦᠵᠡᠯᠳᠡ᠂ ᠨᠡᠬᠦᠳᠡᠯ ᠮᠠᠯᠵᠢᠯ ᠬᠢᠭᠡᠳ ᠲᠠᠷᠢᠶᠠᠯᠠᠨ ᠠᠮᠢᠳᠤᠷᠠᠬᠤ ᠬᠡᠯᠪᠡᠷᠢ ᠵᠠᠬᠪᠤᠷ᠎ᠤᠨ ᠬᠤᠭᠤᠷᠤᠨᠳᠤᠬᠢ ᠠᠭᠤᠰᠤᠯᠴᠠᠯ ᠨᠦᠬᠦᠴᠡᠯ᠎ᠤᠨ ᠲᠤᠬᠠᠢ ᠲᠤᠡᠭᠭᠠᠭᠠᠯᠳᠠ ᠲᠠᠨᠢᠪᠤᠷᠢ ᠪᠡᠨ ᠡᠳᠤᠷ ᠲᠤᠳᠤᠮ᠎ᠤᠨ ᠪᠠᠢᠡᠭᠭᠤ ᠠᠮᠢᠳᠤᠷᠠᠯ᠎ᠳᠤ ᠰᠢᠡᠭᠭᠡᠭᠡᠨ ᠠᠭᠤᠰᠬᠠᠬᠰᠠᠨ ᠪᠢᠴᠢᠭᠯᠡᠯ ᠶᠤᠮ᠃ ᠡᠬᠦᠨ ᠡᠴᠡ ᠡᠰᠢ ᠠᠪᠤᠬᠰᠠᠨ ᠲᠡᠤᠭᠡᠨ ᠠᠬᠤᠢ ᠨᠢ ᠶᠠᠭ ᠯᠡ ᠲᠤᠮᠳᠠᠳᠤ ᠵᠢᠨ ᠦᠨᠳᠤᠰᠤᠳᠡᠨ᠎ᠤ ᠬᠠᠮᠳᠤ ᠵᠢᠨ ᠴᠤᠬᠴᠠ ᠪᠦᠷᠢᠯᠳᠤᠨ ᠲᠤᠬᠳᠠᠬᠤ ᠵᠢᠨ ᠤᠷᠢᠳᠠᠯ ᠨᠦᠬᠦᠴᠡᠯ ᠬᠢᠭᠡᠳ ᠰᠠᠭᠤᠷᠢ ᠴᠢᠯᠠᠭᠤ ᠨᠢ ᠪᠤᠯᠬᠤ ᠶᠤᠮ᠃
ᠲ·ᠭᠣᠮᠪᠣᠵᠠᠪ᠎ᠤᠨ ᠪᠦᠲᠦᠭᠡᠯ᠎ᠤᠳ᠄
ᠣᠳᠤ ᠦᠶ᠎ᠡ ᠵᠢᠨ ᠬᠢᠲᠠᠳ ᠬᠡᠯᠡᠨ᠎ᠦ 《 ᠮᠣᠩᠭᠣᠯ᠎ᠤᠨ ᠨᠢᠭᠤᠴᠠ ᠲᠣᠪᠴᠢᠶᠠᠨ 》
《ᠲ·ᠭᠣᠮᠪᠣᠵᠠᠪ᠎ᠦᠨ ᠵᠣᠬᠢᠶᠠᠯ᠎ᠤᠨ ᠰᠢᠯᠢᠮᠡᠯ ᠢᠷᠡᠬᠦ ᠵᠠᠭᠤᠨ᠎ᠤ ᠬᠤᠩᠬᠤᠨ ᠲᠠᠭᠤᠨ》
《ᠲᠤᠭᠤᠯᠴᠢᠨ ᠬᠦᠦ》
《ᠮᠠᠭᠠᠳ ᠮᠣᠩᠭᠣᠯ ᠲᠣᠪᠴᠢᠶᠠᠨ》
《ᠲᠡᠦᠬᠡ ᠵᠢᠨ ᠪᠠᠷ᠎ᠠ ᠪᠤᠶᠤ ᠰᠠᠭᠠᠩ ᠰᠡᠴᠡᠨᠦ ᠨᠠᠮᠲᠠᠷ》
《 ᠬᠥᠮᠥᠨ ᠲᠥᠷᠥᠯᠬᠢᠲᠡᠨ᠎ᠦ ᠮᠥᠷ ᠲᠡᠮᠳᠡᠭᠯᠡᠯ》
《 ᠬᠡᠭᠡᠷ᠎ᠡ ᠲᠠᠯ᠎ᠠ》
ᠥᠪᠥᠷ ᠮᠣᠩᠭᠣᠯ᠎ᠤᠨ ᠶᠡᠬᠡ ᠰᠤᠷᠭᠠᠭᠤᠯᠢ ᠵᠢᠨ ᠫᠷᠤᠹᠸᠰᠰᠤᠷ ᠡᠷᠳᠡᠨᠢᠬᠠᠳᠠ ——
《ᠬᠡᠭᠡᠷ᠎ᠡ ᠲᠠᠯ᠎ᠠ》 ᠪᠣᠯ ᠵᠣᠬᠢᠶᠠᠭ᠍ᠴᠢ ᠵᠢᠨ ᠨᠠᠷᠢᠨ ᠰᠡᠳᠬᠢᠵᠦ ᠨᠠᠷᠢᠯᠢᠭ᠋ ᠵᠣᠬᠢᠴᠠᠭᠤᠯᠤᠭᠰᠠᠨ ᠤᠶᠤᠨ᠎ᠤ ᠬᠠᠩᠭᠠᠢ ᠪᠣᠯᠬᠤ ᠶᠤᠮ᠃
《ᠬᠡᠭᠡᠷ᠎ᠡ ᠲᠠᠯ᠎ᠠ》 ᠳ᠋ᠤ ᠵᠢᠷᠤᠭᠯᠠᠭᠰᠠᠨ ᠨᠤᠲᠤᠭ ᠪᠣᠯ ᠰᠡᠳᠬᠢᠯᠭᠡᠵᠢᠭᠦᠯᠦᠭᠰᠡᠨ ᠨᠤᠲᠤᠭ᠂ ᠡᠨᠳᠡ ᠮᠠᠰᠢ ᠤᠯᠠᠨ ᠠᠰᠠᠭᠤᠳᠠᠯ᠎ᠢ ᠬᠤᠷᠢᠶᠠᠩᠭᠤᠢᠯᠠᠨ ᠳᠡᠯᠭᠡᠵᠡᠢ᠃ ᠵᠣᠬᠢᠶᠠᠯ᠎ᠳᠦ ᠲᠤᠰᠬᠠᠭᠰᠠᠨ ᠴᠠᠭ ᠦᠶ᠎ᠡ ᠪᠣᠯ ᠠᠷᠪᠠ ᠶᠢᠰᠦᠳᠦᠭᠡᠷ ᠵᠠᠭᠤᠨ᠎ᠤ ᠰᠡᠭᠦᠯᠴᠢ ᠬᠣᠷᠢᠳᠤᠭᠠᠷ ᠵᠠᠭᠤᠨ᠎ᠤ ᠡᠬᠢᠨ ᠳ᠋ᠡᠬᠢ ᠦᠢᠮᠡᠭᠡᠨ᠎ᠲᠦ ᠴᠠᠭ ᠦᠶ᠎ᠡ᠂ ᠴᠢᠩ ᠤᠯᠤᠰ᠎ᠤᠨ ᠵᠠᠰᠠᠭ ᠲᠦᠷᠥ ᠰᠠᠵᠢᠯᠠᠨ ᠳᠣᠯᠭᠢᠰᠴᠤ᠂ ᠪᠦᠭᠦᠳᠡ ᠨᠠᠢᠷᠠᠮᠳᠠᠬᠤ ᠬᠢᠭᠡᠳ ᠠᠷᠠᠳᠴᠢᠯᠠᠯ᠎ᠤᠨ ᠵᠠᠮ ᠨᠢ ᠠᠷᠠᠳ ᠲᠦᠮᠡᠨ᠎ᠦ ᠵᠠᠢᠯᠠᠰᠢ ᠦᠭᠡᠢ ᠰᠣᠩᠭᠣᠯᠲᠠ ᠪᠣᠯᠵᠠᠢ᠃ ᠮᠣᠩᠭᠣᠯ ᠨᠤᠲᠤᠭ ᠨᠢ ᠪᠦᠬᠦ ᠲᠤᠮᠳᠠᠳᠤ᠎ᠶᠢᠨ ᠨᠤᠲᠤᠭ ᠳᠡᠪᠢᠰᠬᠡᠷ᠎ᠤᠨ ᠪᠦᠷᠢᠯᠳᠦᠭᠦᠨ ᠪᠣᠯᠤᠭᠰᠠᠨ᠎ᠤ ᠬᠤᠪᠢ᠎ᠳᠤ ᠠᠳᠠᠯᠢᠬᠠᠨ ᠵᠢᠡᠷ ᠬᠤᠪᠢ ᠵᠠᠶᠠᠭᠠᠨ᠎ᠤ ᠰᠣᠩᠭᠣᠯᠲᠠ᠎ᠳᠤ ᠲᠤᠯᠭᠠᠷᠠᠵᠤ ᠪᠠᠢᠯ᠎ᠠ᠃
ᠭᠠᠩ ᠭᠠᠴᠢᠭ᠋ ᠡᠴᠡ ᠵᠠᠢᠯᠠᠵᠤ ᠢᠷᠡᠭᠰᠡᠨ ᠡᠨᠡ ᠪᠦᠯᠦᠭ ᠬᠥᠮᠥᠰ᠎ᠦᠨ ᠡᠮᠦᠨ᠎ᠡ ᠨᠡᠭᠦᠳᠡᠯ ᠪᠠ ᠰᠠᠭᠤᠷᠢᠰᠢᠯ᠂ ᠮᠠᠯᠵᠢᠬᠤ ᠪᠠ ᠲᠠᠷᠢᠶᠠᠯᠠᠬᠤ ᠵᠢᠴᠢ ᠠᠷᠠᠯᠵᠢᠶᠠᠯᠠᠬᠤ᠂ ᠤᠯᠠᠮᠵᠢᠯᠠᠯᠲᠤ ᠵᠠᠩ ᠦᠢᠯᠡ ᠪᠠ ᠰᠢᠨ᠎ᠡ ᠵᠠᠩᠰᠢᠯ᠂ ᠱᠠᠰᠢᠨ ᠰᠤᠷᠲᠠᠬᠤᠨ ᠪᠠ ᠰᠢᠨᠵᠢᠯᠡᠬᠦ ᠤᠬᠠᠭᠠᠨ᠂ ᠪᠠᠷᠢᠮᠲᠠᠯᠠᠬᠤ ᠪᠤᠶᠤ ᠲᠠᠶᠠᠭᠳᠠᠬᠤ ᠭᠡᠬᠦ ᠮᠡᠲᠦ ᠵᠢᠨ ᠤᠯᠠᠨ ᠠᠰᠠᠭᠤᠳᠠᠯ ᠲᠤᠯᠭᠠᠷᠠᠵᠠᠢ᠃ ᠬᠥᠮᠥᠰ᠎ᠦᠨ ᠳᠦᠷᠢ᠎ᠳᠦ ᠴᠤ᠌ ᠬᠠᠮᠠᠭᠠᠯᠠᠬᠤ ᠪᠠ ᠬᠠᠯᠳᠠᠬᠤ᠂ ᠪᠠᠷᠢᠮᠲᠠᠯᠠᠬᠤ ᠪᠠ ᠥᠭᠡᠷᠡᠴᠢᠯᠡᠬᠦ ᠭᠡᠬᠦ ᠮᠡᠲᠦ ᠵᠢᠨ ᠤᠯᠠᠨ ᠠᠷᠪᠢᠨ ᠪᠡᠯᠭᠡᠳᠡᠯ ᠤᠳᠬ᠎ᠠ ᠠᠬᠤᠭᠤᠯᠤᠭᠳᠠᠵᠤ ᠪᠠᠢᠪᠠ᠃ ᠵᠣᠬᠢᠶᠠᠭ᠍ᠴᠢ ᠡᠴᠡ ᠡᠳᠡᠭᠡᠷ ᠤᠯᠠᠨ ᠵᠢᠷᠤᠭᠯᠠᠯ᠎ᠤᠨ ᠳᠤᠮᠳᠠ ᠤᠳᠬ᠎ᠠ ᠰᠡᠳᠦᠪ ᠵᠢᠡᠨ ᠳᠡᠭᠡᠭᠰᠢᠯᠡᠭᠦᠯᠵᠡᠢ — ᠡᠨᠡ ᠨᠤᠲᠤᠭ ᠪᠣᠯ ᠡᠬᠡ ᠣᠷᠣᠨ᠎ᠤ ᠡᠯᠢᠭᠡᠨ ᠳ᠋ᠡᠬᠢ ᠡᠵᠢ ᠲᠠᠢ ᠬᠠᠢᠷ᠎ᠠ ᠲᠠᠢ ᠨᠤᠲᠤᠭ ᠪᠢᠯᠡ᠃
ᠷᠣᠮᠠᠨ ᠪᠣᠯ ᠵᠣᠬᠢᠶᠠᠭ᠍ᠴᠢ ᠵᠢᠨ ᠰᠡᠳᠬᠢᠯ᠎ᠦᠨ ᠲᠠᠮᠢᠷ ᠵᠢᠡᠷ ᠪᠦᠲᠦᠭᠡᠭᠳᠡᠳᠡᠭ ᠬᠦᠦᠷᠨᠢᠯ᠎ᠦᠨ ᠤᠷᠠᠯᠢᠭ᠋ ᠪᠣᠯᠬᠤ ᠶᠤᠮ᠃ ᠷᠣᠮᠠᠨ᠎ᠳᠤ ᠲᠡᠦᠬᠡ ᠰᠣᠶᠣᠯ᠎ᠤᠨ ᠲᠤᠩᠭᠠᠭᠠᠯᠲᠠ᠂ ᠬᠥᠮᠥᠨ ᠠᠷᠠᠳ᠎ᠤᠨ ᠠᠮᠢᠳᠤᠷᠠᠯ᠂ ᠭᠦᠨ ᠤᠬᠠᠭᠠᠨ᠎ᠤ ᠪᠢᠰᠢᠯᠭᠠᠯ ᠨᠢ ᠪᠦᠷ ᠴᠤ᠌ ᠬᠦᠦᠷᠨᠢᠬᠦ ᠤᠷᠠᠯᠢᠭ᠋᠎ᠤᠨ ᠵᠢᠮ᠎ᠡ ᠬᠠᠤᠯᠢ ᠪᠡᠷ ᠪᠡᠶᠡᠯᠡᠯ ᠵᠢᠡᠨ ᠣᠯᠳᠠᠭ᠃ 《ᠬᠡᠭᠡᠷ᠎ᠡ ᠲᠠᠯ᠎ᠠ》 ᠷᠣᠮᠠᠨᠤ ᠵᠣᠬᠢᠶᠠᠭ᠍ᠴᠢ ᠤᠷᠠᠯᠠᠨ ᠵᠣᠬᠢᠶᠠᠬᠤ᠂ ᠦᠯᠢᠭᠡᠷᠯᠡᠨ ᠬᠦᠦᠷᠨᠢᠬᠦ᠂ ᠥᠭᠦᠯᠡᠨ ᠲᠣᠭᠠᠴᠢᠬᠤ ᠭᠡᠰᠡᠨ ᠭᠤᠷᠪᠠᠨ ᠵᠦᠢᠯ᠎ᠦᠨ ᠤᠷᠠᠯᠢᠭ᠋᠎ᠤᠨ ᠠᠷᠭ᠎ᠠ ᠪᠠᠷᠢᠯ ᠵᠢᠡᠷ ᠵᠣᠬᠢᠶᠠᠯ ᠵᠢᠡᠨ ᠥᠷᠨᠢᠭᠦᠯᠵᠡᠢ᠃ ᠲᠡᠷᠡ ᠲᠡᠨᠳᠡ ᠥᠪᠡᠷ᠎ᠦᠨ ᠭᠡᠰᠡᠨ ᠤᠶᠤᠨ᠎ᠤ ᠬᠦᠰᠡᠯᠡᠩ ᠳ᠋ᠡᠭᠡᠨ ᠲᠠᠲᠠᠭᠳᠠᠵᠤ᠂ ᠬᠥᠮᠥᠨ ᠲᠥᠷᠥᠯᠬᠢᠲᠡᠨ᠎ᠦ ᠬᠥᠭᠵᠢᠯᠲᠡ ᠵᠢᠨ ᠲᠤᠬᠠᠢ᠂ ᠴᠠᠭ ᠦᠶ᠎ᠡ᠎ᠶᠢᠨ ᠦᠢᠮᠡᠭᠡᠨ ᠳᠡᠪᠵᠢᠶᠡᠨᠦ ᠲᠤᠬᠠᠢ᠂ ᠣᠷᠣᠨ ᠨᠤᠲᠤᠭ᠎ᠤᠨ ᠢᠷᠡᠭᠡᠳᠦᠢ ᠵᠢᠨ ᠲᠤᠬᠠᠢ᠂ ᠡᠬᠡ ᠣᠷᠣᠨ᠎ᠤ ᠨᠢᠭᠡᠳᠦᠯ ᠬᠥᠭᠵᠢᠯ᠎ᠦᠨ ᠲᠤᠬᠠᠢ ᠤᠯᠠᠨ ᠠᠷᠪᠢᠨ ᠦᠵᠡᠯ ᠪᠤᠳᠤᠯ ᠵᠢᠡᠨ ᠵᠣᠬᠢᠶᠠᠯ᠎ᠳᠦ ᠠᠭᠤᠰᠬᠠᠪᠠ᠃ ᠭᠡᠬᠦ᠎ᠳᠦ ᠡᠳᠡᠭᠡᠷ ᠨᠢ ᠦᠢᠯᠡ ᠶᠠᠪᠤᠳᠠᠯ᠎ᠤᠨ ᠬᠥᠭᠵᠢᠯᠲᠡ ᠵᠢᠨ ᠶᠠᠪᠤᠴᠠ ᠳᠤᠮᠳᠠ ᠠᠯᠭᠤᠷ ᠠᠭᠠᠵᠢᠮ ᠵᠢᠡᠷ ᠠᠶᠠᠲᠠᠢᠬᠠᠨ ᠳᠡᠯᠭᠡᠭᠳᠡᠪᠡ᠃ ᠵᠣᠬᠢᠶᠠᠯ᠎ᠤᠨ ᠳᠦᠷᠢᠨᠦᠭᠦᠳᠲᠦ ᠶᠡᠬᠡ ᠳᠡᠩᠳᠡᠭᠰᠡᠨ ᠠᠭᠠᠯᠢ ᠠᠪᠤᠷᠢ ᠲᠠᠢ ᠬᠥᠮᠥᠨ ᠦᠭᠡᠢ᠂ ᠵᠣᠬᠢᠶᠠᠯ᠎ᠤᠨ ᠦᠢᠯᠡ ᠶᠠᠪᠤᠳᠠᠯ ᠶᠡᠬᠡ ᠳᠠᠪᠠᠯᠭᠠᠨ ᠥᠷᠨᠢᠯ ᠦᠭᠡᠢ᠂ ᠦᠢᠯᠡ ᠶᠠᠪᠤᠳᠠᠯ ᠪᠠ ᠳᠦᠷᠢ ᠵᠢᠨ ᠵᠢᠮ᠎ᠡ ᠬᠠᠤᠯᠢ ᠪᠡᠷ ᠵᠢᠡᠨ ᠠᠬᠢᠭᠠᠳ ᠪᠠᠢᠯ᠎ᠠ᠃ ᠵᠣᠬᠢᠶᠠᠯ᠎ᠳᠦ ᠤᠯᠠᠨ ᠭᠠᠵᠠᠷ ᠮᠠᠰᠢ ᠬᠠᠪᠤᠲᠠᠢ 《ᠲᠤᠭᠤᠷᠪᠢᠭ᠍ᠴᠢ ᠵᠢᠨ ᠥᠭᠦᠯᠡᠯᠲᠡ》᠎ᠶ᠋ᠢ ᠣᠷᠣᠭᠤᠯᠵᠠᠢ᠃ ᠡᠨᠡ ᠨᠢ ᠷᠣᠮᠠᠨ᠎ᠳᠤ ᠢᠯᠡᠭᠦᠴᠡ ᠵᠦᠢᠯ ᠪᠣᠯᠤᠭᠰᠠᠨ ᠦᠭᠡᠢ ᠮᠥᠷᠲᠡᠭᠡᠨ ᠷᠣᠮᠠᠨᠤ ᠮᠠᠰᠢ ᠴᠢᠬᠤᠯᠠ ᠪᠦᠷᠢᠯᠳᠦᠭᠦᠨ ᠬᠡᠰᠡᠭ ᠪᠣᠯᠪᠠ᠃ ᠲᠡᠭᠡᠬᠦ᠎ᠳᠦ ᠷᠣᠮᠠᠨ ᠠᠮᠢᠳᠤᠷᠠᠯ᠎ᠤᠨ ᠠᠯᠢ ᠤᠯᠠᠨ ᠤᠳᠬ᠎ᠠ ᠠᠭᠤᠯᠭ᠎ᠠ ᠲᠠᠢ ᠵᠦᠢᠯᠡᠰ᠎ᠢ ᠵᠥᠪ ᠵᠢᠡᠷ ᠲᠤᠰᠬᠠᠭᠰᠠᠨ ᠪᠦᠭᠡᠳ ᠵᠣᠬᠢᠶᠠᠭ᠍ᠴᠢ ᠵᠢᠨ ᠭᠦᠨ ᠰᠡᠳᠬᠢᠮᠵᠢ᠎ᠲᠦ ᠦᠵᠡᠯ ᠣᠢᠯᠠᠭᠠᠯᠲᠠ ᠵᠢ ᠮᠥᠨ ᠰᠢᠩᠭᠡᠬᠡᠨ ᠢᠯᠡᠳᠬᠡᠵᠦ ᠴᠢᠳᠠᠪᠠ᠃ ᠡᠨᠡ ᠪᠣᠯ ᠦᠵᠡᠯ ᠰᠠᠨᠠᠭᠠᠨ᠎ᠤ ᠭᠦᠨᠴᠡ ᠪᠠ ᠢᠯᠡᠳᠬᠡᠮᠵᠢ ᠵᠢᠨ ᠤᠷᠠᠯᠢᠭ᠋ ᠬᠣᠶᠠᠷ ᠲᠠᠯ᠎ᠠ᠎ᠶᠢ ᠠᠭᠤᠯᠤᠭᠰᠠᠨ ᠤᠶᠤᠨ᠎ᠤ ᠲᠠᠮᠢᠷ ᠪᠣᠯᠬᠤ ᠶᠤᠮ᠃
ᠤᠷᠠᠨ ᠵᠣᠬᠢᠶᠠᠯ ᠢᠯᠠᠩᠭᠤᠶ᠎ᠠ ᠤᠷᠳᠤ ᠬᠡᠮᠵᠢᠶᠡᠨ᠎ᠦ ᠬᠦᠦᠷᠨᠢᠯ ᠲᠣᠭᠠᠴᠢᠯᠲᠠ ᠵᠢᠨ ᠵᠣᠬᠢᠶᠠᠯ᠎ᠳᠤ ᠬᠦᠨᠳᠦᠴᠡ ᠬᠡᠷᠡᠭᠲᠡᠢ᠂ ᠠᠮᠢᠳᠤᠷᠠᠯ ᠪᠠ ᠦᠵᠡᠯ ᠰᠠᠨᠠᠭᠠᠨ᠎ᠤ ᠨᠥᠭᠡᠴᠡ ᠬᠡᠷᠡᠭᠲᠡᠢ᠂ ᠡᠨᠡ ᠤᠳᠬ᠎ᠠ ᠡᠴᠡ ᠠᠪᠴᠤ ᠦᠵᠡᠪᠡᠯ᠂ ᠤᠬᠠᠭᠠᠨ ᠬᠠᠢᠷ᠎ᠠ ᠵᠢᠨ ᠨᠤᠲᠤᠭ ᠪᠠ ᠤᠶᠤᠨ ᠰᠡᠳᠬᠢᠯ᠎ᠦᠨ ᠲᠠᠮᠢᠷ ᠬᠣᠶᠠᠷ ᠨᠡᠢᠯᠡᠯᠴᠡᠭᠰᠡᠨ 《ᠬᠡᠭᠡᠷ᠎ᠡ ᠲᠠᠯ᠎ᠠ》 ᠷᠣᠮᠠᠨ ᠤᠩᠰᠢᠬᠤ᠎ᠳᠤ ᠬᠠᠪᠤᠲᠠᠢ ᠳᠣᠷᠪᠢᠯᠢᠭ᠋ ᠪᠦᠲᠦᠭᠡᠯ ᠪᠣᠯᠵᠤ ᠴᠢᠳᠠᠵᠠᠢ᠃
ᠳᠤᠮᠳᠠᠳᠤ ᠤᠯᠤᠰ᠎ᠤᠨ ᠣᠳᠣ᠌ ᠦᠶ᠎ᠡ᠎ᠶᠢᠨ ᠤᠳᠬ᠎ᠠ ᠵᠣᠬᠢᠶᠠᠯ᠎ᠤᠨ ᠰᠤᠳᠤᠯᠭᠠᠨ᠎ᠤ ᠨᠡᠢᠭᠡᠮᠯᠢᠭ᠎ᠤᠨ ᠬᠡᠷᠡᠭ ᠡᠷᠬᠢᠯᠡᠭᠴᠢ ᠬᠢᠩᠭᠠᠨ ——
ᠲᠤᠤᠯᠢᠰ᠎ᠤᠨ ᠴᠢᠨᠠᠷ ᠪᠣᠯᠣᠨ ᠶᠣᠭᠲᠠ ᠰᠠᠨᠠᠭ᠎ᠠ᠎ᠶᠢ ᠬᠠᠪᠰᠤᠷᠭᠠᠭᠰᠠᠨ ᠨᠢ 《ᠬᠡᠭᠡᠷ᠎ᠡ ᠲᠠᠯ᠎ᠠ》 ᠷᠣᠮᠠᠨᠤ ᠬᠠᠮᠤᠭ ᠡᠴᠡ ᠲᠣᠪᠣᠢᠮ᠎ᠠ ᠬᠦᠦᠷᠨᠢᠯ᠎ᠦᠨ ᠣᠨᠴᠠᠯᠢᠭ᠋ ᠪᠤᠯᠤᠨ᠎ᠠ᠃
ᠥᠪᠥᠷ ᠮᠣᠩᠭᠣᠯ᠎ᠤᠨ ᠲᠤᠭᠤᠵᠢ ᠵᠢᠨ ᠵᠣᠬᠢᠶᠠᠯ᠎ᠤᠨ ᠵᠣᠬᠢᠶᠠᠨ ᠪᠦᠲᠦᠭᠡᠬᠦ ᠰᠤᠳᠠᠰᠤ ᠲᠣᠳᠣᠷᠬᠠᠢ ᠪᠥᠭᠡᠳ ᠠᠭᠤᠯᠭ᠎ᠠ ᠵᠢᠨ ᠬᠤᠪᠢ᠎ᠳᠤ ᠭᠦᠨᠴᠡ ᠲᠠᠢ ᠪᠠᠢᠵᠤ᠂ ᠰᠢᠨ᠎ᠡ ᠵᠠᠭᠤᠨ ᠳᠠᠮᠵᠢᠭ᠍ᠰᠠᠨ ᠡᠴᠡ ᠬᠣᠢᠰᠢ ᠳ᠋ᠠᠩ ᠴᠤᠯᠭᠤᠢ ᠬᠤᠪᠢᠰᠬᠠᠯ᠎ᠤᠨ ᠲᠣᠭᠠᠴᠢᠯᠲᠠ ᠡᠴᠡ ᠠᠩᠭᠢᠵᠢᠷᠠᠨ᠂ ᠣᠯᠠᠨ ᠡᠰᠢᠲᠦ ᠰᠦᠪᠡᠭᠴᠢᠯᠡᠯᠲᠡ ᠬᠢᠭᠡᠳ ᠭᠦᠨᠵᠡᠭᠡᠢ ᠬᠤᠪᠢᠷᠠᠯᠲᠠ ᠲᠡᠢᠰᠢ ᠵᠠᠮᠨᠠᠭᠰᠠᠨ ᠪᠠᠢᠳᠠᠭ᠃ 《ᠬᠡᠭᠡᠷ᠎ᠡ ᠲᠠᠯ᠎ᠠ》 ᠢᠷᠠᠭᠤ ᠨᠠᠢᠷᠠᠭ᠎ᠤᠨ ᠤᠷᠮ᠎ᠠ ᠰᠡᠳᠬᠢᠯᠭᠡ᠂ ᠬᠦᠦᠷᠨᠢᠯ᠎ᠤᠨ ᠪᠠᠢᠭᠤᠯᠤᠯᠲᠠ ᠬᠢᠭᠡᠳ ᠲᠡᠦᠬᠡ᠎ᠶᠢᠨ ᠪᠢᠰᠢᠯᠭᠠᠯᠢ ᠠᠭᠤᠰᠤᠯᠴᠠᠭᠤᠯᠵᠤ᠂ ᠲᠡᠦᠬᠡ᠎ᠶᠢᠨ ᠭᠦᠨᠵᠡᠭᠡᠢᠷᠡᠯ ᠬᠢᠭᠡᠳ ᠦᠵᠡᠯ ᠰᠠᠨᠠᠭᠠᠨ᠎ᠤ ᠵᠤᠵᠠᠭᠠᠨ ᠨᠥᠭᠡᠴᠡ᠎ᠶᠢ ᠪᠦᠷᠢᠯᠳᠦᠭᠦᠯᠦᠨ᠂ ᠥᠪᠥᠷ ᠮᠣᠩᠭᠣᠯ᠎ᠤᠨ ᠤᠳᠬ᠎ᠠ ᠵᠣᠬᠢᠶᠠᠯ᠎ᠤᠨ ᠵᠣᠬᠢᠶᠠᠨ ᠪᠦᠲᠦᠭᠡᠯᠭᠡ᠎ᠶᠢᠨ ᠳᠠᠪᠠᠯᠲᠠ ᠴᠢᠨᠠᠷᠲᠠᠢ ᠰᠢᠪᠲᠤᠯᠤᠯᠲᠠ᠎ᠶᠢ ᠪᠡᠶᠡᠯᠡᠭᠦᠯᠪᠡ᠃
ᠲᠤᠰ ᠪᠦᠲᠦᠭᠡᠯ ᠨᠢ ᠳ᠋ᠠᠩ ᠭᠠᠭᠴᠠ ᠦᠨᠳᠦᠰᠦᠲᠡᠨ᠎ᠤ ᠦᠢᠯᠡ ᠶᠠᠪᠤᠳᠠᠯ᠎ᠢ ᠬᠦᠦᠷᠨᠢᠬᠦ ᠬᠢᠵᠠᠭᠠᠷᠯᠠᠯ᠎ᠠᠴᠠ ᠦᠰᠦᠷᠦᠨ ᠭᠠᠷᠴᠤ᠂ ᠪᠦᠬᠦ ᠬᠢᠵᠠᠭᠠᠷ ᠣᠷᠣᠨ᠎ᠤ ᠬᠠᠷᠠᠭᠠᠰᠤ ᠡᠴᠡ ᠭᠠᠷ ᠣᠷᠣᠵᠤ᠂ ᠦᠨᠳᠦᠰᠦᠲᠡᠨ᠎ᠦ ᠤᠳᠬ᠎ᠠ ᠵᠣᠬᠢᠶᠠᠯ᠎ᠤᠨ ᠢᠯᠡᠳᠬᠡᠬᠦ ᠵᠠᠭᠠᠭ ᠴᠠᠷ᠎ᠠ᠎ᠶᠢ ᠥᠷᠭᠡᠳᠬᠡᠭᠰᠡᠨ ᠪᠠᠢᠨ᠎ᠠ ᠃ ᠨᠣᠮ᠎ᠳᠦ ᠱᠤᠭᠤᠭᠰᠠᠨ ᠬᠥᠮᠥᠰ᠎ᠤᠨ ᠳᠦᠷᠢ ᠨᠢ ᠵᠠᠩ ᠠᠭᠠᠰᠢ ᠵᠢᠨ ᠳ᠋ᠠᠩ ᠴᠤᠯᠭᠤᠢ ᠢᠯᠡᠷᠡᠯ ᠲᠠᠢ ᠪᠦᠲᠦᠭᠡᠯᠭᠡ᠎ᠶᠢ ᠰᠢᠪᠲᠤᠯᠵᠤ᠂ ᠴᠠᠭ ᠦᠶ᠎ᠡ᠎ᠶᠢᠨ ᠬᠤᠪᠢᠰᠤᠯ᠎ᠤᠨ ᠳᠤᠮᠳᠠ ᠤᠢᠭ᠎ᠠ ᠦᠭᠡᠢ ᠬᠥᠭᠡᠭᠡᠴᠡᠯᠳᠦᠯ ᠲᠠᠢ᠂ ᠥᠪᠡᠷᠮᠢᠴᠡ ᠤᠶᠤᠨ ᠰᠠᠨᠠᠭᠠᠨ᠎ᠤ ᠠᠭᠤᠯᠤᠭᠳᠠᠬᠤᠨ᠎ᠢ ᠲᠠᠢᠯᠪᠤᠷᠢᠯᠠᠨ᠂ ᠨᠠᠷᠢᠨ ᠪᠤᠳᠤᠯᠢᠶᠠᠨᠲᠠᠢ ᠬᠥᠮᠥᠨ ᠴᠢᠨᠠᠷ᠎ᠤᠨ ᠬᠦᠴᠦᠨ ᠴᠢᠳᠠᠯ᠎ᠢ ᠢᠯᠡᠷᠡᠭᠦᠯᠵᠡᠢ᠃ ᠷᠣᠮᠠᠨ ᠨᠢ ᠲᠠᠯ᠎ᠠ ᠨᠤᠲᠤᠭ᠎ᠤᠨ ᠬᠤᠪᠢᠷᠠᠯᠲᠠ᠎ᠪᠠᠷ ᠦᠨᠳᠦᠰᠦᠲᠡᠨ᠎ᠤ ᠬᠤᠪᠢ ᠵᠠᠶᠠᠭᠠᠨ᠎ᠤ ᠤᠴᠢᠭ᠋ᠢ ᠬᠠᠷᠠᠭᠤᠯᠵᠤ᠂ ᠬᠠᠷᠢ ᠭᠠᠳᠠᠨ᠎ᠠ ᠡᠴᠡ ᠢᠷᠡᠭᠰᠡᠨ ᠤᠯᠠᠨ ᠵᠦᠢᠯ᠎ᠦᠨ ᠬᠥᠮᠥᠰ ᠪᠠ ᠢᠲᠡᠭᠡᠯ ᠪᠢᠰᠢᠷᠡᠯ᠎ᠦᠨ ᠵᠥᠷᠢᠴᠡᠯᠳᠦᠭᠡᠨᠢ ᠳᠡᠯᠡᠬᠡᠢ᠎ᠶᠢᠨ ᠲᠡᠦᠬᠡ᠎ᠶᠢᠨ ᠠᠬᠤᠢ ᠪᠠᠢᠳᠠᠯ ᠲᠠᠢ ᠬᠣᠯᠪᠣᠨ᠂ ᠡᠭᠦᠨ᠎ᠦ ᠳᠠᠭᠠᠤ᠎ᠳᠤ ᠺᠣᠯᠣᠨᠢᠴᠢᠯᠠᠯ᠎ᠤᠨ ᠵᠡᠷᠯᠢᠭ ᠰᠠᠨᠠᠭ᠎ᠠ ᠪᠣᠯᠣᠨ ᠪᠣᠯᠪᠠᠰᠤᠨ᠎ᠤ ᠮᠥᠷᠥᠢᠴᠡᠭᠡᠨᠢ ᠳᠠᠯᠳᠠ ᠪᠡᠷ ᠬᠠᠷᠠᠭᠤᠯᠤᠭᠰᠠᠨ ᠪᠠᠢᠳᠠᠭ᠃
ᠲᠤᠤᠯᠢᠰ᠎ᠤᠨ ᠴᠢᠨᠠᠷ ᠪᠣᠯᠣᠨ ᠶᠣᠭᠲᠠ ᠰᠠᠨᠠᠭ᠎ᠠ᠎ᠶᠢ ᠬᠠᠪᠰᠤᠷᠭᠠᠭᠰᠠᠨ ᠨᠢ 《ᠬᠡᠭᠡᠷ᠎ᠡ ᠲᠠᠯ᠎ᠠ》ᠷᠣᠮᠠᠨᠤ ᠬᠠᠮᠤᠭ ᠡᠴᠡ ᠲᠣᠪᠣᠢᠮ᠎ᠠ ᠬᠦᠦᠷᠨᠢᠯ᠎ᠦᠨ ᠣᠨᠴᠠᠯᠢᠭ᠋ ᠪᠠᠢᠵᠤ᠂ ᠲᠡᠦᠬᠡᠴᠢᠯᠡᠭᠰᠡᠨ ᠮᠠᠶᠢᠭ᠋᠎ᠤᠨ ᠦᠨᠳᠦᠰᠦᠲᠡᠨ᠎ᠦ ᠲᠤᠤᠯᠢ ᠪᠣᠯᠬᠤ ᠪᠡᠷ ᠪᠠᠷᠠᠬᠤ ᠦᠭᠡᠢ᠂ ᠪᠣᠯᠪᠠᠰᠤᠨᠦ ᠮᠠᠨᠳᠤᠯ ᠪᠠᠭᠤᠷᠠᠯ ᠂ ᠦᠨᠳᠦᠰᠦᠲᠡᠨ᠎ᠦ ᠣᠷᠣᠰᠢᠨ ᠲᠣᠭᠲᠠᠨᠢᠬᠤ ᠠᠷᠭ᠎ᠠ ᠵᠠᠮ ᠪᠣᠯᠣᠨ ᠬᠥᠮᠥᠨ ᠴᠢᠨᠠᠷ᠎ᠦᠨ ᠰᠣᠩᠭᠣᠯᠲᠠ᠎ᠶᠢ ᠭᠦᠨᠵᠡᠭᠡᠢ ᠰᠤᠳᠤᠯᠤᠭᠰᠠᠨ ᠶᠣᠭᠲᠠ ᠦᠯᠢᠭᠡᠷ ᠪᠣᠯᠵᠠᠢ᠃ ᠥᠪᠥᠷ ᠮᠣᠩᠭᠣᠯ᠎ᠤᠨ ᠷᠣᠮᠠᠨᠤ ᠬᠥᠭᠵᠢᠯᠲᠡ᠎ᠶᠢᠨ ᠲᠡᠦᠬᠡᠨ ᠶᠠᠪᠤᠴᠠ᠎ᠳᠤ᠂ 《 ᠬᠡᠭᠡᠷ᠎ᠡ ᠲᠠᠯ᠎ᠠ》 ᠨᠢ ᠥᠪᠡᠷᠮᠢᠴᠡ ᠵᠣᠬᠢᠶᠠᠨ ᠪᠦᠲᠦᠭᠡᠬᠦ ᠬᠠᠷᠠᠭᠠᠰᠤ᠂ ᠭᠦᠨ ᠵᠤᠵᠠᠭᠠᠨ ᠦᠵᠡᠯ ᠰᠠᠨᠠᠭᠠᠨ᠎ᠦ ᠠᠭᠤᠯᠤᠭᠳᠠᠬᠤᠨ᠎ᠢᠶᠠᠷ ᠦᠨᠳᠦᠰᠦᠲᠡᠨ᠎ᠤ ᠤᠳᠬ᠎ᠠ ᠵᠣᠬᠢᠶᠠᠯ᠎ᠤᠨ ᠵᠣᠬᠢᠶᠠᠨ ᠪᠦᠲᠦᠭᠡᠬᠦ ᠳᠠᠪᠠᠯᠲᠠ ᠬᠢᠭᠡᠳ ᠲᠠᠪᠰᠢᠯᠳᠠ᠎ᠶᠢ ᠪᠡᠶᠡᠯᠡᠭᠦᠯᠵᠦ᠂ ᠥᠪᠥᠷ ᠮᠣᠩᠭᠣᠯ᠎ᠤᠨ ᠣᠲᠣ᠌ ᠦᠶ᠎ᠡ᠎ᠶᠢᠨ ᠲᠤᠭᠤᠵᠢᠰ᠎ᠤᠨ ᠵᠣᠬᠢᠶᠠᠨ ᠪᠦᠲᠦᠭᠡᠯᠭᠡ᠎ᠳᠦ ᠰᠢᠨ᠎ᠡ ᠬᠡᠪ ᠳᠠᠭᠤᠷᠢᠶᠠᠯ᠎ᠢ ᠪᠣᠶ ᠪᠣᠯᠭᠠᠵᠤ ᠥᠭᠴᠡᠢ᠃
ᠥᠪᠥᠷ ᠮᠣᠩᠭᠣᠯ᠎ᠤᠨ ᠶᠡᠬᠡ ᠰᠤᠷᠭᠠᠭᠤᠯᠢ᠎ᠶᠢᠨ ᠤᠳᠬ᠎ᠠ ᠵᠣᠬᠢᠶᠠᠯ ᠬᠢᠭᠡᠳ ᠰᠣᠨᠢᠨ ᠮᠡᠳᠡᠭᠡ ᠳᠠᠮᠵᠢᠭᠤᠯᠭ᠎ᠠ᠎ᠶᠢᠨ ᠳᠡᠭᠡᠳᠦ ᠰᠤᠷᠭᠠᠭᠤᠯᠢ᠎ᠶᠢᠨ ᠳᠡᠳ᠋ ᠵᠠᠬᠢᠷᠤᠯ ᠶᠠᠨ ᠳ᠋ᠦᠩ ——
《ᠬᠡᠭᠡᠷ᠎ᠡ ᠲᠠᠯ᠎ᠠ》 ᠷᠣᠮᠠᠨ ᠦᠨᠳᠦᠰᠦᠲᠡᠨ᠎ᠦ ᠬᠦᠦᠷᠨᠢᠯ ᠡᠴᠡ ᠬᠥᠮᠥᠨ ᠴᠢᠨᠠᠷ᠎ᠤᠨ ᠬᠦᠦᠷᠨᠢᠯ᠂ ᠲᠠᠬᠢᠨ ᠬᠥᠮᠥᠨ ᠴᠢᠨᠠᠷ᠎ᠤᠨ ᠬᠦᠦᠷᠨᠢᠯ ᠡᠴᠡ ᠪᠣᠯᠪᠠᠰᠤᠨ᠎ᠤ ᠬᠦᠦᠷᠨᠢᠯ ᠬᠦᠷᠬᠦ ᠳᠠᠪᠠᠯᠲᠠ᠎ᠶᠢ ᠪᠡᠶᠡᠯᠡᠭᠦᠯᠪᠡ᠃
《ᠬᠡᠭᠡᠷ᠎ᠡ ᠲᠠᠯ᠎ᠠ》 ᠷᠣᠮᠠᠨ ᠵᠣᠬᠢᠶᠠᠭ᠍ᠴᠢ ᠵᠢᠨ ᠲᠡᠦᠬᠡ᠎ᠶᠢᠨ ᠠᠬᠤᠢ ᠲᠠᠯᠠᠪᠠᠢ᠎ᠳᠤ ᠣᠷᠣᠯᠴᠠᠭ᠎ᠠ ᠲᠠᠢ ᠴᠢᠩᠭ᠎ᠠ ᠪᠠᠲᠤᠲᠠᠢ ᠦᠵᠡᠯ ᠤᠬᠠᠮᠰᠠᠷ᠎ᠢ ᠢᠯᠡᠷᠡᠭᠦᠯᠪᠡ᠃ ᠵᠣᠬᠢᠶᠠᠯ ᠨᠢ ᠦᠨᠳᠦᠰᠦᠲᠡᠨ᠎ᠦ ᠬᠦᠦᠷᠨᠢᠯ ᠡᠴᠡ ᠬᠥᠮᠥᠨ ᠴᠢᠨᠠᠷ᠎ᠤᠨ ᠬᠦᠦᠷᠨᠢᠯ᠂ ᠲᠠᠬᠢᠨ ᠬᠥᠮᠥᠨ ᠴᠢᠨᠠᠷ᠎ᠤᠨ ᠬᠦᠦᠷᠨᠢᠯ ᠡᠴᠡ ᠪᠣᠯᠪᠠᠰᠤᠨ᠎ᠤ ᠬᠦᠦᠷᠨᠢᠯ ᠬᠦᠷᠬᠦ ᠳᠠᠪᠠᠯᠲᠠ᠎ᠶᠢ ᠪᠡᠶᠡᠯᠡᠭᠦᠯᠪᠡ᠃ ᠦᠨᠳᠦᠰᠦᠲᠡᠨ᠎ᠦ ᠬᠦᠦᠷᠨᠢᠯ ᠪᠣᠯ ᠲᠤᠰ ᠷᠣᠮᠠᠨᠤ ᠢᠯᠡᠷᠬᠡᠢ ᠣᠨᠴᠠᠯᠢᠭ᠋ ᠪᠠᠢᠵᠤ᠂ ᠨᠢᠭᠡ ᠦᠨᠳᠦᠰᠦᠲᠡᠨ ᠣᠷᠣᠰᠢᠨ ᠲᠣᠭᠲᠠᠨᠢᠬᠤ ᠵᠢᠨ ᠲᠥᠯᠥᠭᠡ ᠨᠡᠭᠦᠳᠡᠯᠯᠡᠬᠦ ᠦᠶᠡᠰ᠂ ᠡᠨᠡ ᠨᠢ ᠦᠨᠡᠨ ᠳ᠋ᠡᠭᠡᠨ ᠬᠥᠮᠥᠨ᠎ᠦ ᠬᠠᠮᠤᠭ ᠦᠨᠳᠦᠰᠦᠨ ᠬᠦᠰᠡᠯ ᠱᠠᠭᠠᠷᠳᠠᠯᠭ᠎ᠠ᠎ᠶᠢ ᠲᠤᠰᠬᠠᠵᠤ ᠪᠢᠴᠢᠵᠦ ᠪᠠᠢᠭ᠎ᠠ ᠶᠠᠪᠤᠳᠠᠯ ᠪᠣᠯᠬᠤ ᠶᠤᠮ᠃ ᠵᠣᠬᠢᠶᠠᠭ᠍ᠴᠢ ᠡᠴᠡ ᠣᠷᠣᠰᠢᠨ ᠲᠣᠭᠲᠠᠨᠢᠬᠤ ᠠᠰᠠᠭᠤᠳᠠᠯ ᠵᠢᠡᠷ ᠭᠣᠣᠯ ᠴᠡᠭ ᠪᠣᠯᠭᠠᠨ᠂ ᠵᠣᠬᠢᠶᠠᠯ ᠪᠦᠲᠦᠭᠡᠯ᠎ᠳᠡᠭᠡᠨ ᠪᠣᠯᠪᠠᠰᠤᠨ᠎ᠤ ᠲᠤᠬᠠᠢ ᠲᠣᠭᠠᠴᠢᠯᠲᠠ ᠬᠢᠵᠦ ᠡᠬᠢᠯᠡᠵᠡᠢ᠃ ᠳᠠᠷᠤᠢ ᠨᠡᠭᠦᠳᠡᠯ ᠮᠠᠯᠵᠢᠯ ᠡᠴᠡ ᠨᠡᠭᠦᠳᠡᠯ ᠮᠠᠯᠵᠢᠯ ᠪᠣᠯᠣᠨ ᠲᠠᠷᠢᠶᠠᠯᠠᠬᠤ᠎ᠶᠢ ᠤᠶᠠᠯᠳᠤᠭᠤᠯᠤᠭᠰᠠᠨ ᠪᠣᠯᠪᠠᠰᠤᠨ᠎ᠤ ᠬᠡᠯᠪᠡᠷᠢ ᠲᠡᠢᠰᠢ ᠬᠥᠭᠵᠢᠵᠦ᠂ ᠪᠣᠳᠠᠭᠠᠯᠢ ᠪᠡᠶ᠎ᠡ ᠵᠢᠨ ᠬᠤᠪᠢ ᠵᠠᠶᠠᠭ᠎ᠠ᠎ᠶᠢ ᠦᠯᠢᠭᠡᠷᠯᠡᠨ ᠲᠣᠭᠠᠴᠢᠬᠤ ᠪᠠᠷ ᠳᠠᠮᠵᠢᠭᠤᠯᠤᠨ᠂ ᠲᠤᠮᠳᠠᠳᠤ ᠵᠢᠨ ᠦᠨᠳᠦᠰᠦᠲᠡᠨ᠎ᠦ ᠬᠠᠮᠲᠤ ᠵᠢᠨ ᠴᠣᠭᠴᠠ ᠵᠢᠨ ᠲᠤᠬᠠᠢ ᠳ᠋ᠡᠬᠢ ᠨᠤᠲᠠᠯᠠᠯᠲᠠ᠎ᠶᠢ ᠪᠡᠶᠡᠯᠡᠭᠦᠯᠦᠭᠰᠡᠨ ᠪᠠᠢᠨ᠎ᠠ᠃
ᠮᠢᠨᠤ ᠬᠤᠪᠢ᠎ᠳᠤ᠂ ᠡᠨᠡ ᠷᠣᠮᠠᠨ ᠪᠣᠯ 《ᠬᠥᠮᠥᠨ ᠲᠥᠷᠥᠯᠬᠢᠲᠡᠨ᠎ᠤ ᠮᠥᠷ ᠲᠡᠮᠳᠡᠭᠯᠡᠯ》 ᠨᠣᠮ᠎ᠤᠨ ᠲᠣᠩᠭᠣᠷᠤᠤ ᠵᠢᠷᠤᠭ ᠭᠡᠵᠦ ᠦᠵᠡᠨ᠎ᠡ᠃ ᠬᠥᠮᠥᠨ ᠲᠥᠷᠥᠯᠬᠢᠲᠡᠨ ᠬᠠᠮᠢᠭ᠎ᠠ ᠡᠴᠡ ᠢᠷᠡᠭᠰᠡᠨ ᠪᠤᠢ ? ᠬᠠᠮᠢᠭᠠᠰᠢ ᠪᠠᠨ ᠣᠴᠢᠬᠤ ᠪᠤᠢ ? ᠡᠨᠡ ᠪᠣᠯ 《ᠬᠥᠮᠥᠨ ᠲᠥᠷᠥᠯᠬᠢᠲᠡᠨ᠎ᠦ ᠮᠥᠷ ᠲᠡᠮᠳᠡᠭᠯᠡᠯ》 ᠨᠣᠮ᠎ᠳᠤ ᠰᠡᠳᠬᠢᠭᠰᠡᠨ ᠠᠰᠠᠭᠤᠳᠠᠯ ᠪᠤᠯᠬᠤ ᠪᠥᠭᠡᠳ ᠪᠠᠰᠠ ᠴᠤ᠌ ᠲᠤᠰ ᠨᠣᠮ᠎ᠳᠤ ᠰᠡᠳᠬᠢᠭᠰᠡᠨ ᠠᠰᠠᠭᠤᠳᠠᠯ ᠪᠣᠯᠣᠨ᠎ᠠ᠃ ᠭᠡᠬᠦ᠎ᠳᠡᠭᠡᠨ ᠲᠤᠰ ᠨᠣᠮ᠎ᠳᠦ ᠨᠡᠩ ᠮᠡᠳᠡᠷᠡᠮᠡᠲᠡᠭᠡᠢ ᠮᠥᠷᠲᠡᠭᠡᠨ ᠨᠡᠩ ᠨᠠᠷᠢᠯᠢᠭ᠋ ᠰᠡᠳᠬᠢᠨ ᠪᠣᠳᠣᠯᠲᠠ᠎ᠶᠢ ᠶᠠᠪᠤᠭᠤᠯᠤᠭᠰᠠᠨ ᠪᠠᠢᠳᠠᠭ᠃