ᠦᠪᠤᠷ ᠮᠤᠩᠭᠤᠯ ᠤ᠋ᠨ ᠦᠪᠡᠷᠳᠡᠭᠡᠨ ᠵᠠᠰᠠᠬᠤ ᠤᠷᠤᠨ ᠤ᠋ ᠰᠤᠶᠤᠯ ᠪᠠ ᠵᠢᠭᠤᠯᠴᠢᠯᠠᠯ ᠤ᠋ᠨ ᠲᠢᠩᠬᠢᠮ ᠡᠴᠡ ᠤᠢᠯᠠᠭᠠᠭᠰᠠᠨ ᠢ᠋ᠶ᠋ᠡᠷ᠂ ᠳᠤᠮᠳᠠᠳᠤ ᠤᠯᠤᠰ ᠤ᠋ᠨ ᠨᠡᠢᠭᠡᠮ ᠤ᠋ᠨ ᠱᠢᠨᠵᠢᠯᠡᠬᠦ᠌ ᠤᠬᠠᠭᠠᠨ ᠤ᠋ ᠬᠦᠷᠢᠶᠡᠯᠡᠩ ᠤ᠋ᠨ ᠬᠠᠭᠤᠴᠢ ᠰᠤᠳᠤᠯᠤᠯ ᠤ᠋ᠨ ᠰᠤᠳᠤᠯᠭᠠᠨ ᠤ᠋ ᠭᠠᠵᠠᠷ 5 ᠰᠠᠷ᠎ᠠ ᠶ᠋ᠢᠨ 27 ᠤ᠋ ᠡᠳᠦᠷ ᠨᠢᠭᠡ ᠪᠦᠯᠦᠭ ᠬᠠᠭᠤᠴᠢ ᠰᠤᠳᠤᠯᠤᠯ ᠤ᠋ᠨ ᠦᠷ᠎ᠡ ᠪᠦᠲᠦᠭᠡᠯ ᠢ᠋ ᠲᠥᠪᠯᠡᠷᠡᠭᠦᠯᠦᠨ ᠨᠡᠢᠳᠡᠯᠡᠵᠦ᠂ ᠲᠡᠬᠦᠨ ᠤ᠋ ᠲᠤᠳᠤᠷᠠᠬᠢ ᠤᠯᠠᠭᠠᠨᠬᠠᠳᠠ ᠬᠣᠲᠠ ᠶ᠋ᠢᠨ ᠪᠠᠭᠠᠷᠢᠨ ᠪᠠᠷᠠᠭᠤᠨ ᠬᠣᠱᠢᠭᠤᠨ ᠤ᠋ ᠱᠢᠷᠠᠮᠥ᠋ᠷᠡᠨ ᠭᠤᠤᠯ ᠤ᠋ᠨ ᠰᠠᠪᠠ ᠭᠠᠵᠠᠷ ᠲᠡᠬᠢ ᠡᠷᠳᠡᠨ ᠤ᠋ ᠪᠠᠭᠤᠷᠢ ᠨᠢ ᠤᠳᠤᠬᠠᠨ ᠪᠤᠯᠳᠠᠯᠠᠬᠢ ᠬᠡᠪᠴᠢᠶ᠎ᠠ ᠪᠡᠷ ᠬᠠᠮᠤᠭ ᠤ᠋ᠨ ᠶᠡᠬᠡ ᠬᠤᠩᠱᠠᠨ ᠰᠤᠶᠤᠯ ᠤ᠋ᠨ ᠰᠠᠭᠤᠷᠢᠰᠢᠯ ᠤ᠋ᠨ ᠪᠠᠭᠤᠷᠢ ᠪᠤᠯᠵᠦ᠂ ᠬᠦᠮᠦᠰ ᠤ᠋ᠨ ᠠᠩᠬᠠᠷᠤᠯ ᠢ᠋ ᠳᠠᠳᠠᠵᠠᠢ᠃
ᠱᠢᠷᠠᠮᠥ᠋ᠷᠡᠨ ᠭᠤᠤᠯ ᠤ᠋ᠨ ᠬᠦᠪᠡᠬᠡᠨ ᠳ᠋ᠡᠬᠢ ᠡᠷᠳᠡᠨ ᠤ᠋ ᠪᠠᠭᠤᠷᠢ ᠡᠴᠡ ᠱᠢᠩ ᠯᠦᠩ ᠸᠠ ᠶ᠋ᠢᠨ ᠰᠣᠶᠣᠯ᠂ ᠵᠣᠣ ᠪᠦᠦ ᠭᠸᠦ ᠵᠢᠨ ᠰᠣᠶᠣᠯ ᠵᠢᠴᠢ ᠬᠤᠩᠱᠠᠨ ᠰᠣᠶᠣᠯ ᠤ᠋ᠨ ᠦᠯᠡᠳᠡᠭ᠌ᠳᠡᠯ ᠢ᠋ ᠢᠯᠡᠷᠡᠭᠦᠯᠵᠦ᠍᠂ ᠡᠬᠦᠨ ᠳ᠋ᠤ ᠬᠤᠩᠱᠠᠨ ᠰᠣᠶᠣᠯ ᠤ᠋ᠨ ᠦᠯᠡᠳᠡᠭ᠌ᠳᠡᠯ ᠨᠢ ᠬᠠᠮᠤᠭ ᠤ᠋ᠨ ᠣᠯᠠᠨ ᠪᠠᠢᠵᠤ᠂ ᠬᠠᠮᠤᠭ ᠤ᠋ᠨ ᠴᠢᠬᠤᠯᠠ ᠬᠡᠰᠡᠭ ᠪᠤᠯᠪᠠ᠃ ᠲᠡᠷᠡ ᠨᠢ ᠱᠢᠩ ᠯᠦᠩᠸᠠ ᠶ᠋ᠢᠨ ᠰᠣᠶᠣᠯ᠂ ᠵᠤᠤ ᠪᠦᠦ ᠭᠸᠦ ᠶ᠋ᠢᠨ ᠰᠣᠶᠣᠯ ᠪᠤᠯᠤᠨ ᠬᠤᠩᠱᠠᠨ ᠰᠣᠶᠣᠯ ᠤ᠋ᠨ ᠲᠡᠥᠬᠡᠨ ᠶᠠᠪᠤᠴᠠ ᠳ᠋ᠦ 3000 ᠵᠢᠯ ᠦᠷᠭᠦᠯᠵᠢᠯᠡᠵᠦ᠍᠂ ᠤᠳᠤ ᠡᠴᠡ 5500 — 5000 ᠵᠢᠯ ᠤ᠋ᠨ ᠡᠮᠦᠨᠡᠬᠢ ᠬᠤᠩᠱᠠᠨ ᠰᠣᠶᠣᠯ ᠤ᠋ᠨ ᠰᠡᠭᠦᠯᠴᠢ ᠶ᠋ᠢᠨ ᠬᠤᠭᠤᠴᠠᠭᠠᠨ ᠳ᠋ᠤ ᠬᠥᠭ᠌ᠵᠢᠨ ᠴᠡᠴᠡᠭ᠌ᠯᠡᠵᠠᠢ᠃ ᠰᠠᠭᠤᠷᠢᠱᠢᠯ ᠤ᠋ᠨ ᠪᠠᠭᠤᠷᠢ ᠨᠢ 300 ᠲᠦᠮᠡᠨ ᠲᠡᠭ᠌ᠰᠢ ᠳᠥᠷᠪᠡᠯᠵᠢᠨ ᠮᠧᠲ᠋ᠷ ᠱᠢᠬᠠᠮ ᠳᠠᠯᠠᠪᠠᠢ ᠲᠠᠢ ᠪᠠᠢᠵᠤ᠂ ᠢᠯᠡᠷᠡᠬᠦᠯᠦᠭᠰᠡᠨ ᠸᠠᠭᠠᠷ ᠰᠠᠪᠠ ᠡᠴᠡ ᠨᠢ ᠠᠪᠴᠤ᠌ ᠦᠵᠡᠪᠡᠯ ᠬᠤᠩᠱᠠᠨ ᠰᠣᠶᠣᠯ ᠤ᠋ᠨ ᠦᠯᠡᠳᠡᠭ᠌ᠳᠡᠯ ᠨᠢ ᠭᠣᠣᠯᠳᠠᠭᠤ ᠬᠤᠩᠱᠠᠨ ᠰᠣᠶᠣᠯ ᠤ᠋ᠨ ᠳᠤᠮᠳᠠᠴᠢ ᠪᠠ ᠰᠡᠭᠦᠯᠴᠢ ᠶ᠋ᠢᠨ ᠦᠶ᠎ᠡ ᠵᠢᠨ ᠬᠢ ᠪᠣᠯᠤᠨ᠎ᠠ᠃ ᠡᠭᠦᠨ ᠳ᠋ᠦ ᠪᠣᠷᠲᠣᠭᠣ ᠬᠠᠮᠤᠭ ᠤ᠋ᠨ ᠣᠯᠠᠨ ᠪᠠᠢᠭᠰᠠᠨ ᠡᠴᠡ ᠭᠠᠳᠠᠨ᠎ᠠ ᠪᠠᠰᠠ ᠵᠢᠰᠢᠬᠦᠦ ᠠᠮᠠᠰᠠᠷ ᠲᠠᠶ ᠬᠡᠷᠡᠭᠰᠡᠯ᠂ ᠪᠣᠳᠣᠩ᠂ ᠪᠠᠭᠪᠤᠷ᠂ ᠳᠡᠪᠦᠷ᠎ᠡ ᠪᠤᠯᠤᠨ ᠴᠢᠯᠠᠭᠤᠨ ᠠᠨᠵᠢᠰᠤ᠂ ᠴᠢᠯᠠᠭᠤᠨ ᠬᠢᠲᠤᠭ᠎ᠠ᠂ ᠲᠡᠭᠡᠷᠮ᠎ᠡ᠂ ᠪᠢᠯᠠᠬᠦᠦ ᠵᠡᠷᠭᠡ ᠭᠠᠵᠠᠷ ᠤᠷᠪᠠᠭᠤᠯᠬᠤ᠂ ᠬᠠᠳᠤᠬᠤ ᠪᠠ ᠠᠮᠤ ᠪᠤᠳᠠᠭ᠎ᠠ ᠪᠣᠯᠪᠠᠰᠤᠷᠠᠭᠤᠯᠬᠤ ᠪᠠᠭᠠᠵᠢ ᠵᠢ ᠢᠯᠡᠷᠡᠭᠦᠯᠵᠦ᠍᠂ ᠲᠤᠬᠠᠢ ᠶ᠋ᠢᠨ ᠦᠶ᠎ᠡ ᠶ᠋ᠢᠨ ᠱᠢᠷᠠᠮᠥ᠋ᠷᠡᠨ ᠭᠣᠣᠯ ᠤ᠋ᠨ ᠰᠠᠪᠠ ᠭᠠᠵᠠᠷ ᠲᠦ᠍ ᠬᠠᠭᠤᠷᠠᠶ ᠲᠠᠷᠢᠶᠠᠯᠠᠩ ᠤ᠋ᠨ ᠠᠵᠤ ᠠᠬᠤᠶ ᠬᠥᠭ᠌ᠵᠢᠭ᠌ᠰᠡᠨ ᠢ᠋ ᠨᠤᠳᠠᠯᠠᠵᠠᠢ᠃
ᠡᠨᠡ ᠬᠦ᠌ ᠰᠠᠭᠤᠷᠢᠱᠢᠯ ᠤ᠋ᠨ ᠪᠠᠭᠤᠷᠢ ᠵᠢ ᠢᠯᠡᠷᠡᠭᠦᠯᠦᠭ᠌ᠰᠡᠨ ᠨᠢ ᠣᠢᠷ᠎ᠠ ᠶ᠋ᠢᠨ ᠵᠢᠯ ᠤ᠋ᠨ ᠲᠤᠷᠱᠢᠬᠢ ᠪᠠᠷᠠᠭᠤᠨ ᠯᠢᠶᠣᠤᠾᠧ ᠭᠣᠣᠯ ᠤ᠋ᠨ ᠰᠠᠪᠠ ᠭᠠᠵᠠᠷ ᠤ᠋ᠨ ᠪᠠᠯᠠᠷ ᠡᠷᠲᠡᠨ ᠤ᠋ ᠬᠠᠭᠤᠴᠢ ᠰᠤᠳᠤᠯᠤᠯ ᠤ᠋ᠨ ᠴᠢᠬᠤᠯᠠ ᠦᠷ᠎ᠡ ᠪᠦᠲᠦᠭᠡᠯ ᠪᠤᠯᠵᠦ᠂ ᠬᠤᠩᠱᠠᠨ ᠰᠣᠶᠣᠯ ᠤ᠋ᠨ ᠰᠠᠭᠤᠷᠢᠱᠢᠯ ᠤ᠋ᠨ ᠬᠡᠯᠪᠡᠷᠢ ᠪᠠ ᠪᠠᠢᠷᠢᠱᠢᠯ ᠤ᠋ᠨ ᠲᠤᠬᠠᠶ ᠤᠢᠯᠠᠭᠠᠯᠳᠠ ᠵᠢ ᠰᠢᠨᠡᠳᠬᠡᠨ᠂ ᠪᠠᠭᠠᠷᠢᠨ ᠤ᠋ ᠲᠠᠯ᠎ᠠ ᠨᠤᠲᠤᠭ ᠤ᠋ᠨ ᠪᠠᠷᠠᠭᠤᠨ ᠯᠢᠶᠣᠤᠾᠧ ᠭᠤᠤᠯ ᠤ᠋ᠨ ᠰᠠᠪᠠ ᠭᠠᠵᠠᠷ ᠤ᠋ᠨ ᠬᠠᠭᠤᠴᠢ ᠰᠤᠳᠤᠯᠤᠯ ᠤ᠋ᠨ ᠢᠯᠡᠷᠡᠭᠦᠯᠦᠯᠲᠡ ᠪᠠ ᠰᠤᠳᠤᠯᠭᠠᠨ ᠳ᠋ᠠᠬᠢ ᠪᠠᠢᠷᠢ ᠰᠠᠭᠤᠷᠢ ᠵᠢ ᠤᠯᠠᠮ ᠨᠢᠭᠡ ᠠᠯᠬᠤᠮ ᠳᠡᠭᠡᠭ᠌ᠰᠢᠯᠡᠭᠦᠯᠵᠦ᠂ ᠱᠢᠩ ᠯᠦᠩ ᠸᠠ ᠵᠢᠨ ᠰᠣᠶᠣᠯ ᠡᠴᠡ ᠬᠤᠩᠱᠠᠨ ᠰᠣᠶᠣᠯ ᠤ᠋ᠨ ᠦᠶ᠎ᠡ ᠬᠦᠷᠲᠡᠯᠡᠬᠢ ᠨᠡᠢᠭᠡᠮ ᠤ᠋ᠨ ᠬᠥᠭ᠌ᠵᠢᠯᠲᠡ ᠪᠠ ᠬᠤᠪᠢᠰᠤᠯᠲᠠ᠂ ᠰᠣᠶᠣᠯ ᠤ᠋ᠨ ᠠᠭᠤᠯᠤᠭ᠍ᠳᠠᠬᠤᠨ ᠪᠠ ᠣᠨᠴᠠᠯᠢᠭ᠂ ᠪᠠᠯᠠᠷ ᠡᠷᠲᠡᠨ ᠤ᠋ ᠱᠠᠱᠢᠨ ᠰᠤᠷᠲᠠᠬᠤᠨ ᠪᠠ ᠲᠠᠬᠢᠯᠭ᠎ᠠ ᠱᠢᠲᠦᠯᠭᠡ ᠶ᠋ᠢᠨ ᠱᠢᠰᠲ᠋ᠧᠮ ᠢ᠋ ᠤᠢᠯᠠᠭᠠᠬᠤ ᠳ᠋ᠦ ᠲᠤᠢᠯ ᠤ᠋ᠨ ᠡᠷᠬᠢᠮ ᠨᠠᠨᠳᠢᠨ ᠮᠠᠲ᠋ᠧᠷᠢᠶᠠᠯ ᠬᠠᠩᠭᠠᠪᠠ᠃