ᠰᠡᠳᠭᠢᠯ᠎ᠤᠨ ᠠᠷᠢᠭᠤᠨ ᠤᠷᠤᠰᠭᠠᠯ᠎ᠳᠤ
ᠱᠢᠷᠭᠢᠵᠥ᠍ ᠴᠢᠳᠠᠰᠢ ᠥᠭᠡᠢ ᠨᠢᠭᠡᠨ ᠲᠤᠤᠯᠢ
ᠰᠥᠨᠢᠵᠢᠨ ᠪᠤᠳᠤᠯ᠎ᠳᠤ ᠬᠤᠷᠭᠤᠳᠠᠬᠤ᠎ᠪᠠᠷ
ᠰᠥᠨ ᠴᠠᠭᠠᠨ ᠢᠲᠡᠭᠡᠯ᠎ᠢᠶᠠᠷ ᠱᠢᠩᠭᠡᠷᠡᠵᠥ᠍
ᠨᠢᠭᠤᠵᠤ ᠤᠨᠠᠭᠠᠭ᠍ᠰᠠᠨ ᠨᠢᠯᠪᠤᠰᠤ ᠮᠢᠨᠢ
ᠨᠤᠲᠤᠭ ᠰᠠᠨᠠᠭ᠍ᠰᠠᠨ ᠵᠥᠰᠡᠷᠡᠭᠡ ᠪᠤᠯᠵᠤ
ᠡᠭᠦᠯᠡ ᠥᠭᠡᠢ ᠡᠳᠥᠷ᠎ᠢᠶᠠᠷ ᠱᠢᠪᠡᠷᠡᠨ᠎ᠡ
ᠪᠤᠳᠤᠯ᠎ᠤᠨ ᠴᠡᠩᠬᠡᠷ ᠥᠷᠢᠶᠠᠷ
ᠰᠥᠷᠥᠭᠲᠠᠢᠪᠠᠨ ᠤᠶᠠᠩᠭᠠᠷᠠᠳᠠᠭ ᠨᠤᠲᠤᠭ
ᠰᠤᠳᠠᠯ᠎ᠤᠨ ᠱᠢᠷᠭᠠᠯ ᠪᠥᠷᠥᠢ᠎ᠪᠠᠷ
ᠰᠥᠲᠠᠢᠪᠠᠨ ᠰᠤᠯᠤᠩᠭᠠᠷᠠᠳᠠᠭ ᠬᠥᠳᠡᠭᠡ
ᠠᠷᠤ᠎ᠶ᠋ᠢᠨ ᠴᠠᠭᠠᠨ ᠳᠡᠷᠡᠰᠤᠨᠤ
ᠠᠮᠠᠷᠠᠭ ᠪᠤᠯᠵᠤᠭ᠎ᠠ᠎ᠪᠠᠷ ᠨᠢᠯᠬᠠᠷᠠᠵᠤ
ᠠᠮᠢᠳᠤᠷᠠᠯ᠎ᠤᠨ ᠲᠤᠤᠯᠢᠶᠠᠨ᠎ᠳᠤ ᠰᠥᠮᠡᠯᠵᠡᠨᠡ
ᠪᠤᠷᠤᠭᠤ ᠵᠥᠪ ᠰᠤᠳᠤᠷ᠎ᠤᠳ
ᠪᠤᠴᠠᠭ᠍ᠰᠠᠨ ᠰᠥᠰᠥ᠍ ᠱᠢᠭ ᠱᠢᠷᠭᠢᠵᠥ᠍
ᠪᠤᠷᠤ ᠱᠢᠷ᠎ᠠ ᠡᠳᠥᠷ᠎ᠤᠳ
ᠪᠤᠭᠤᠷᠤᠯᠳᠠᠭ᠍ᠰᠠᠨ ᠥᠰᠥ᠍ ᠱᠢᠭ ᠡᠪᠬᠡᠷᠡᠵᠥ᠍
ᠨᠡᠭᠦᠳᠡᠯ᠎ᠤᠨ ᠴᠠᠭᠠᠨ ᠬᠤᠨ
ᠬᠥᠢᠲᠡᠨ ᠮᠠᠷᠲᠠᠭ᠍ᠳᠠᠭ᠍ᠰᠠᠨ ᠴᠥᠯ᠎ᠳᠤ
ᠬᠥᠰᠡᠯ ᠬᠤᠷᠮᠤᠢᠯᠠᠵᠤ ᠬᠤᠨᠤᠨ᠎ᠠ
ᠨᠠᠷᠠᠨ᠎ᠤ ᠳᠤᠯᠠᠭᠠᠨ ᠢᠯᠴᠢᠨ᠎ᠳᠤ
ᠠᠩᠭᠢᠷᠬᠠᠨ ᠡᠳᠥᠷ ᠰᠥᠵᠢᠭᠢᠶᠠᠷ ᠠᠮᠢᠯᠠᠨ
ᠰᠠᠷᠠᠨ᠎ᠤ ᠲᠤᠷᠭᠠᠨ ᠲᠤᠶᠠᠭᠠᠨ᠎ᠳᠤ
ᠨᠠᠮᠤᠭᠤᠬᠠᠨ ᠰᠥᠨᠢ ᠥᠯᠢᠭᠡᠷ᠎ᠢᠶᠠᠷ ᠰᠤᠨᠢᠶᠠᠵᠤ
ᠴᠡᠴᠡᠭ᠎ᠲᠠᠢ ᠬᠥᠳᠡᠭᠡ᠎ᠶ᠋ᠢᠨ ᠵᠡᠷᠭᠡᠯᠭᠡᠨ
ᠴᠢᠯᠠᠭᠤ᠎ᠲᠠᠢ ᠭᠤᠷᠤᠬ᠎ᠠ᠎ᠶ᠋ᠢᠨ ᠡᠷᠭᠢᠯᠭᠡᠨ
ᠤᠲᠤᠷ᠎ᠤᠨ ᠱᠢᠯᠢ᠎ᠪᠠᠷ ᠵᠠᠢᠷᠲᠤᠨᠠ
ᠬᠥᠮᠥᠨ᠎ᠤ ᠨᠢᠭᠡᠨ ᠠᠮᠢᠰᠭᠤᠯ
ᠬᠥᠨᠳᠡᠢ ᠭᠤᠪᠢ᠎ᠪᠠᠨ ᠥᠭᠡᠢᠯᠡᠨ
ᠬᠥᠢᠲᠡᠨ ᠬᠤᠢᠮᠤᠷ᠎ᠤᠨ ᠥᠷᠥᠴᠡᠨ᠎ᠳᠤ
ᠬᠥᠨᠵᠢᠯᠡ ᠥᠭᠡᠢ ᠠᠮᠤᠭᠤᠯᠠᠩ ᠬᠡᠪᠲᠡᠬᠦ᠌᠎ᠳᠤ
ᠤᠷᠴᠢᠯᠠᠩ᠎ᠤᠨ ᠲᠤᠭᠤᠰᠤ ᠬᠥᠨᠳᠥᠷᠡᠨ
ᠮᠠᠷᠭᠠᠰᠢ᠎ᠶ᠋ᠢᠨ ᠤᠴᠢᠷ ᠪᠤᠳᠠᠩᠬᠢᠷᠠᠵᠤ
ᠠᠷᠠᠳ᠎ᠤᠨ ᠳᠠᠭᠤᠤ ᠥᠷᠬᠦᠯᠵᠢᠯᠡᠨᠡ
ᠥᠯᠢᠭᠡᠷ᠎ᠤᠨ ᠮᠢᠩᠭᠠᠨ ᠬᠠᠭᠤᠳᠠᠰᠤ
ᠡᠪᠥᠭᠡᠳ᠎ᠤᠨ ᠬᠠᠭᠤᠴᠢ᠎ᠠᠴᠠ ᠱᠢᠪᠡᠷᠡᠨ
ᠳᠤᠮᠤᠭ᠎ᠤᠨ ᠭᠠᠭ᠍ᠴᠠ ᠱᠢᠲᠥᠭᠡᠨ
ᠳᠤᠯᠤᠭᠠᠨ ᠪᠤᠷᠬᠠᠳ ᠱᠢᠭ᠋ ᠠᠯᠤᠰᠷᠠᠬᠤ᠎ᠳᠤ
ᠲᠡᠷᠭᠡᠯ ᠬᠠᠩᠭᠠᠢ᠎ᠶ᠋ᠢᠨ ᠥᠮᠥᠭ᠎ᠲᠤ ᠬᠤᠷᠭᠤᠳᠠᠵᠤ
ᠳᠡᠭᠡᠳᠥᠰ ᠡᠪᠥᠭᠡᠳ᠎ᠤᠨ ᠳᠥᠱᠢᠭᠲᠤ ᠰᠤᠭ᠍ᠲᠤᠭᠤᠷᠠᠨ
ᠤᠯᠠᠨ ᠵᠠᠭᠤᠨ ᠮᠠᠷᠲᠠᠭ᠍ᠳᠠᠵᠤ ᠥᠩᠭᠡᠷᠡᠨ᠎ᠡ
ᠠᠨᠢᠰᠭᠠᠨ ᠳᠡᠭᠡᠷ᠎ᠡ ᠴᠠᠷᠴᠠᠭ᠍ᠰᠠᠨ ᠱᠢᠭᠦᠳᠡᠷᠢ
ᠠᠩᠭᠢᠷ ᠲᠠᠯ᠎ᠠ᠎ᠶ᠋ᠢᠨ ᠴᠡᠴᠡᠭᠡᠰ ᠨᠠᠭᠠᠳᠤᠭᠤᠯᠵᠤ
ᠮᠥᠩᠬᠡ᠎ᠶ᠋ᠢᠨ ᠤᠶᠠᠨ ᠰᠥᠵᠢᠭ ᠬᠡᠯᠬᠢᠨ
ᠮᠥᠷᠥᠭᠡᠳᠥᠯ᠎ᠤᠨ ᠰᠤᠶᠤᠨ ᠠᠮᠢᠯᠠᠯ ᠳᠠᠯᠠᠯᠤᠭ᠍ᠰᠠᠭᠠᠷ
ᠮᠢᠨᠤ ᠵᠡᠭᠦᠳᠥᠨ ᠠᠭᠠᠷ᠎ᠢᠶᠠᠷ
ᠰᠡᠳᠭᠢᠯ᠎ᠤᠨ ᠠᠨᠢᠷ᠎ᠲᠤ ᠪᠥᠪᠡᠢᠯᠡᠭ᠌ᠳᠡᠨ
ᠢᠲᠡᠭᠡᠯ᠎ᠤᠨ ᠭᠥᠨᠳᠤ ᠬᠥᠯᠪᠡᠷᠢᠨᠡ