ᠮᠢᠩᠭᠠᠨ ᠤᠨ᠎ᠤ ᠲᠤᠤᠷᠠᠢ ᠭᠡᠵᠦ᠍ ᠭᠠᠵᠠᠷ᠎ᠤᠨ ᠬᠦᠬᠡ ᠰᠤᠳᠤᠷ
ᠮᠠᠨᠠᠭ᠍ᠰᠠᠨ ᠲᠡᠥᠬᠡ᠎ᠶ᠋ᠢᠨ ᠦᠯᠢᠭᠡᠷ ᠦᠨᠳᠦᠰᠦᠨ᠎ᠳᠤ᠎ᠨᠢ ᠨᠡᠪᠴᠢᠵᠦ᠍ ᠪᠠᠢᠳᠠᠭ
ᠮᠥᠩᠭᠦᠨ ᠰᠠᠷᠠᠨ᠎ᠤ ᠲᠤᠶᠠᠭ᠎ᠠ ᠡᠷᠬᠡᠰ ᠨᠠᠪᠴᠢᠨ᠎ᠳᠤᠨᠢ ᠲᠤᠨᠢᠷᠬᠠᠵᠤ
ᠮᠥᠷᠦᠭᠡᠳᠦᠯ ᠬᠦᠰᠡᠯ᠎ᠢ ᠱᠠᠭ᠍ᠯᠠᠭ᠍ᠰᠠᠨ ᠮᠥᠩᠬᠡ᠎ᠶ᠋ᠢᠨ ᠭᠡᠭᠡᠨ ᠠᠶᠠᠯᠭᠤ
ᠭᠤᠪᠢ᠎ᠶ᠋ᠢᠨ ᠤᠯᠠᠭᠠᠨ ᠲᠡᠮᠡᠭᠡᠳ᠎ᠨᠢ ᠲᠡᠭ᠌ᠷᠢ᠎ᠶ᠋ᠢᠨ ᠬᠦᠬᠡ ᠡᠯᠴᠢᠨ
ᠭᠤᠨᠠᠭᠠᠨ ᠤᠯᠠᠭᠠᠨ ᠪᠠᠭᠠᠲᠤᠷ ᠤᠷᠤᠢ᠎ᠳᠤᠨᠢ ᠬᠡᠢᠮᠦᠷᠢᠯᠡᠵᠦ᠍ ᠪᠠᠢᠳᠠᠭ
ᠠᠭᠤᠯᠠᠰ᠎ᠢᠶᠠᠨ ᠡᠭᠦᠷᠥᠭ᠌ᠰᠡᠨ ᠲᠡᠮᠡᠭᠡ ᠲᠠᠯ᠎ᠠ ᠱᠢᠭ᠋ ᠲᠡᠨᠢᠭᠦᠬᠡᠨ ᠠᠮᠢᠰᠭᠤᠵᠤ
ᠤᠷᠭᠤᠬᠤ ᠤᠯᠠᠭᠠᠨ ᠨᠠᠷᠠ᠎ᠪᠠᠨ ᠲᠡᠷᠢᠭᠦᠨ᠎ᠳᠡᠭᠡᠨ ᠮᠠᠨᠳᠤᠭᠤᠯᠵᠤ ᠪᠤᠰᠳᠠᠭ
ᠵᠢᠷᠠᠨ᠎ᠤ ᠴᠡᠩᠬᠡᠭ ᠨᠠᠭᠤᠷ᠎ᠨᠢ ᠤᠷᠴᠢᠯᠠᠩ᠎ᠤᠨ ᠭᠡᠭᠡᠨ ᠮᠡᠯᠮᠡᠢ
ᠵᠢᠷᠭᠠᠯ ᠵᠤᠪᠠᠯ ᠬᠤᠶᠠᠷ᠎ᠢ ᠬᠡᠪᠡᠯᠢ᠎ᠳᠡᠭᠡᠨ ᠠᠷᠭᠠᠳᠠᠵᠤ ᠮᠡᠯᠮᠡᠷᠡᠳᠡᠭ
ᠵᠢᠭᠦᠷ ᠠᠮᠠᠷᠠᠭᠠᠬᠤ ᠭᠠᠯᠠᠭᠤᠳ᠎ᠢᠶᠠᠨ ᠵᠡᠭᠡᠰᠦ ᠬᠤᠯᠤᠰᠤᠪᠠᠷᠢᠶᠠᠨ ᠪᠦᠭᠡᠴᠡᠢᠯᠡᠭ᠌ᠰᠡᠨ
ᠵᠠᠵᠢ᠎ᠨᠢ ᠪᠤᠭᠤᠷᠤᠯ ᠡᠵᠢ ᠱᠢᠭ ᠡᠨᠡᠷᠢᠯ ᠬᠠᠢᠷ᠎ᠠ᠎ᠶ᠋ᠢᠨ ᠲᠡᠯᠡᠬᠡᠢ
ᠠᠯᠤᠰ ᠭᠠᠵᠠᠷ᠎ᠤᠨ ᠵᠡᠷᠭᠡᠯᠭᠡᠨ ᠡᠯᠡᠰᠦᠨ ᠲᠠᠪᠠᠯᠭᠠᠨ᠎ᠳᠤ ᠬᠦᠪᠦᠯᠵᠡᠬᠦ᠌ᠨᠢ
ᠠᠷᠪᠠᠨ ᠭᠠᠯᠪᠠ᠎ᠶ᠋ᠢᠨ ᠭᠠᠢᠬᠠᠮᠱᠢᠭ ᠠᠷᠰᠢ᠎ᠶ᠋ᠢᠨ ᠭᠠᠷ᠎ᠲᠤ ᠲᠡᠯᠭᠡᠭ᠌ᠳᠡᠬᠦ᠌ ᠮᠡᠲᠦ
ᠠᠰᠠᠬᠤ ᠲᠤᠯᠭᠠᠨᠤ ᠭᠠᠯ ᠲᠡᠭ᠌ᠷᠢ᠎ᠶ᠋ᠢᠨ ᠬᠠᠶᠠᠭ᠎ᠠ ᠪᠤᠳᠤᠭ᠍ᠯᠠᠬᠤᠨᠢ
ᠠᠯᠳᠠᠨ ᠱᠢᠷᠭᠠᠯ᠎ᠤᠨ ᠲᠤᠮᠳᠠ᠎ᠠᠴᠠ ᠬᠦᠯᠭᠡᠨ ᠱᠠᠰᠳᠢᠷ ᠲᠡᠯᠭᠡᠭ᠌ᠳᠡᠬᠦ᠌ ᠮᠡᠳᠦ
ᠤᠯᠠᠨ ᠵᠠᠭᠤᠨ᠎ᠢ ᠳᠠᠮᠵᠢᠭ᠍ᠰᠠᠨ ᠲᠡᠮᠡᠭᠡᠨ ᠵᠢᠩ᠎ᠤᠨ ᠠᠶᠠᠨ
ᠤᠩᠭᠤᠨ ᠪᠠᠢᠭᠠᠯᠢ᠎ᠪᠠᠨ ᠵᠢᠷᠤᠭ᠍ᠯᠠᠭ᠍ᠰᠠᠨ ᠤᠨ᠎ᠤ ᠬᠦᠬᠡ ᠵᠢᠷᠤᠬᠠᠢ
ᠤᠳᠤᠨ ᠴᠡᠩᠬᠡᠷ ᠭᠢᠯᠪᠠᠭ᠎ᠠ ᠡᠯᠡᠰᠦᠨ ᠮᠦᠬᠦᠯᠢᠭᠠᠴᠠᠨᠢ ᠭᠡᠷᠡᠯᠲᠦᠭ᠌ᠰᠡᠨ
ᠤᠷᠴᠢᠬᠤ ᠳᠦᠷᠪᠡᠨ ᠤᠯᠠᠷᠢᠯ᠎ᠤᠨ ᠡᠷᠬᠡ ᠳᠠᠷᠬᠠᠨ ᠲᠦᠷᠦᠳᠡᠰᠦ
ᠡᠨᠡ ᠵᠢᠷᠤᠭ᠎ᠢ ᠪᠢ ᠡᠷᠢᠭᠡᠳ ᠤᠳᠠᠭ᠍ᠰᠠᠨ᠂ ᠬᠤᠯᠠᠬᠠᠨ ᠪᠠᠢᠯ᠎ᠠ
ᠡᠨᠡ ᠮᠦᠷᠦᠭᠡᠳᠦᠯ᠎ᠢᠶᠠᠨ ᠪᠢ ᠵᠢᠷᠤᠭᠠᠳ ᠬᠦᠯᠢᠶᠡᠭ᠌ᠰᠡᠨ᠂ ᠣᠢᠷᠠᠬᠠᠨ ᠪᠠᠢᠯ᠎ᠠ
ᠡᠨᠡ ᠬᠢᠵᠠᠭᠠᠷᠲᠤ ᠪᠢ ᠨᠢᠰᠴᠦ᠍ ᠮᠡᠳᠡᠬᠦ᠌ ᠪᠦᠷᠭᠦᠳ ᠪᠠᠢᠯ᠎ᠠ
ᠡᠨᠡ ᠲᠠᠪᠢᠯᠠᠩ᠎ᠳᠤ ᠪᠢ ᠠᠭᠤᠰᠴᠤ᠌ ᠮᠡᠳᠡᠬᠦ᠌ ᠵᠢᠩᠴᠢᠨ ᠪᠠᠢᠯ᠎ᠠ