ᠪᠣᠷᠤᠭ᠎ᠠ
2026-06-03 10:46:26
ᠵᠣᠬᠢᠶᠠᠭ᠍ᠴᠢ᠄
ᠬ᠋᠊·ᠦᠯᠵᠡᠢ
ᠣᠩᠱᠢᠭ᠍ᠰᠠᠨ ᠣᠳᠠᠭ᠎ᠠ᠄
★★★☆☆

ᠣᠷᠣᠭᠠᠳ ᠡᠬᠢᠯᠡᠬᠦ᠌᠎ᠳᠤ

ᠰᠡᠷᠡᠬᠦᠨ ᠪᠠᠢᠳᠠᠭ

ᠨᠣᠷᠣᠭᠠᠳ ᠪᠠᠢᠬᠤ᠎ᠳᠤ

ᠵᠡᠬᠦᠳᠦ ᠪᠣᠯᠳᠠᠭ


ᠠᠭᠤᠯᠠ᠎ᠶ᠋ᠢᠨ ᠭᠠᠳᠠᠭᠤᠷ

ᠴᠠᠢᠷᠠᠭᠠᠳ ᠪᠠᠢᠳᠠᠭ

ᠠᠯᠠᠭ ᠴᠢᠯᠠᠭᠤᠳ

ᠠᠮᠢᠰᠭᠤᠭ᠎ᠠ ᠵᠠᠯᠭᠠᠳᠠᠭ


ᠣᠰᠣᠨ᠎ᠤ ᠲᠣᠳᠣᠭᠤᠷ

ᠨᠡᠪᠳᠡᠷᠡᠬᠡᠳ ᠪᠠᠢᠳᠠᠭ

ᠣᠩᠭᠣᠭ᠍ᠰᠠᠨ ᠲᠡᠪᠡᠯ

ᠦᠩᠭᠡ ᠣᠷᠣᠳᠠᠭ


ᠠᠩᠭᠠᠭ᠍ᠰᠠᠨ ᠬᠦᠷᠦᠰᠦᠨ᠎ᠳᠤ

ᠮᠦᠬᠦᠨ ᠬᠦᠷᠢᠶ᠎ᠡ

ᠠᠭᠠᠯᠢ ᠦᠬᠡᠢᠳᠡᠪᠡᠯ ᠬᠠᠶᠠ

ᠮᠦᠰᠦᠨ ᠪᠦᠮᠪᠦᠭᠡ


ᠲᠡᠬᠡᠪᠣᠷ ᠲᠣᠪᠱᠢᠭ᠍ᠰᠠᠨ

ᠡᠬᠦᠯᠡᠨ ᠰᠦ

ᠲᠡᠯᠡᠬᠡᠢ ᠠᠮᠠᠷᠠᠭᠠᠭ᠍ᠰᠠᠨ

ᠡᠬᠡ᠎ᠶ᠋ᠢᠨ ᠬᠠᠢᠷ᠎ᠠ


ᠬᠠᠨ᠎ᠠ᠎ᠶ᠋ᠢᠨ ᠨᠢᠳᠦ᠍᠎ᠪᠠᠷ ᠣᠷᠣᠵᠣ

ᠦᠷᠦᠬᠡ ᠲᠦᠬᠦᠷᠬᠡᠨ᠎ᠡ

ᠬᠠᠭᠠᠯᠭ᠎ᠠ ᠪᠠᠭ᠍ᠳᠠᠬᠤ ᠦᠭᠡᠢ

ᠬᠤᠢᠮᠣᠷ ᠰᠠᠭᠠᠳᠠᠨ᠎ᠠ


ᠨᠠᠮᠢᠷᠠᠭ᠍ᠰᠠᠨ ᠲᠠᠯ ᠱᠢᠭ

ᠬᠡᠢᠮᠦᠷᠢᠯᠢᠭ ᠲᠦᠷᠡᠯᠵᠡᠨ᠎ᠡ

ᠨᠠᠢᠭᠤᠭ᠍ᠰᠠᠨ ᠡᠪᠡᠰᠦ ᠱᠢᠭ

ᠲᠠᠮᠢᠷᠯᠢᠭ ᠡᠩᠨᠡᠨ᠎ᠡ


ᠲᠡᠭ᠌ᠷᠢ ᠲᠣᠣᠭᠠᠷᠬᠤ᠎ᠳᠤ

ᠱᠢᠷᠦᠬᠦᠨ ᠶᠠᠪᠣᠳᠠᠯ᠎ᠢᠶᠠᠷ ᠲᠣᠭ᠍ᠳᠣᠯᠳᠠᠭ

ᠭᠠᠵᠠᠷ ᠠᠩᠭᠠᠬᠤ᠎ᠳᠤ

ᠵᠦᠬᠡᠯᠡᠨ ᠱᠢᠪᠱᠢᠶ᠎ᠡ᠎ᠪᠠᠷ ᠠᠷᠭᠠᠳᠠᠳᠠᠭ


ᠡᠳᠦᠷ ᠰᠦᠨᠢ᠎ᠶ᠋ᠢ ᠬᠤᠯᠪᠣᠵᠣ

ᠦᠷᠬᠦᠯᠵᠢ ᠲᠠᠳᠠᠭ᠍ᠰᠠᠨ ᠬᠦᠱᠢᠬᠡ

ᠡᠪᠡᠰᠦ ᠱᠢᠬᠦᠳᠡᠷᠢ᠎ᠶᠢ ᠮᠦᠩᠭᠡᠯᠡᠵᠣ

ᠪᠣᠳᠤᠭ ᠠᠭ᠍ᠰᠢᠭᠠᠭ᠍ᠰᠠᠨ ᠪᠢᠷ


ᠣᠭ᠍ᠳᠠᠷᠭᠤᠢ᠎ᠳᠤ ᠵᠢᠷᠣᠭ᠍ᠳᠠᠭ᠍ᠰᠠᠨ

ᠦᠯᠵᠡᠢ ᠵᠠᠩᠭᠢᠶ᠎ᠡ

ᠣᠷᠴᠢᠯᠠᠩ ᠠᠷᠢᠭᠤᠰᠭᠠᠭ᠍ᠰᠠᠨ

ᠨᠣᠢᠳᠠᠨ ᠭᠡᠷᠡᠯ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号