ᠰᠠᠭᠠᠷᠠᠯᠳᠤᠭᠠᠳ᠂ ᠲᠡᠭ᠌ᠷᠢ ᠰᠦᠮᠡᠭᠡᠷ᠃ ᠡᠢᠮᠦ᠍ ᠯᠠ ᠡᠳᠦᠷ ᠴᠠᠰᠤ ᠤᠨᠠᠨ᠎ᠠ ᠭᠡᠵᠦ᠍ ᠪᠣᠳᠤᠭ᠍ᠳᠠᠮᠠᠷ᠃
ᠡᠬᠦᠯᠠ ᠡᠵᠢ᠄
《ᠬᠡᠤᠬᠡᠳ᠎ᠤᠳ ᠡ! ᠡᠨᠡ ᠡᠳᠦᠷ ᠲᠠ ᠨᠠᠷ ᠠᠵᠢᠯ᠎ᠢᠶᠠᠷ ᠲᠣᠷᠤᠭ᠍ᠰᠢ ᠪᠠᠭᠤᠨ᠎ᠠ ᠱᠢᠤ》 ᠭᠡᠵᠦ᠍ ᠬᠡᠯᠡᠪᠡ᠃ ᠤᠰᠤᠨ ᠠᠭᠤᠷ᠎ᠤᠨ ᠮᠦᠬᠦᠯᠢᠭ ᠬᠡᠮᠡᠬᠦ᠌ ᠬᠡᠤᠬᠡᠳ᠎ᠤᠳ᠎ᠤᠨ ᠰᠤᠨᠢᠭᠤᠴᠢ ᠵᠠᠩ ᠪᠤᠴᠠᠯᠤᠨ ᠣᠷᠭᠢᠯᠵᠤ᠄
《ᠡᠵᠢ ᠡ! ᠬᠠᠮᠢᠭ᠎ᠠ ᠪᠠᠭᠤᠬᠤ ᠶᠤᠮ? ᠬᠤᠯᠠ ᠦᠦ?》 ᠭᠡᠨ᠎ᠡ᠃
《ᠡᠪᠡᠰᠤ ᠤᠷᠭᠤᠮᠠᠯ᠎ᠤᠨ ᠶᠢᠷᠲᠢᠨᠴᠤ᠎ᠳᠤ!》
《ᠲᠡᠷᠡ᠎ᠨᠢ ᠬᠠᠮᠢᠭ᠎ᠠ ᠪᠠᠢᠳᠠᠭ ᠶᠤᠮ?》
ᠤᠭ᠍ᠲᠠᠷᠭᠤᠢ ᠴᠠᠭᠠᠨ ᠪᠣᠳᠠᠩ ᠳᠠᠲᠠᠯ᠎ᠠ᠃ ᠤᠰᠤᠨ ᠠᠭᠤᠷ᠎ᠤᠨ ᠮᠦᠬᠦᠯᠢᠭ ᠬᠡᠤᠬᠡᠳ᠎ᠤᠳ᠎ᠲᠤ ᠰᠡᠳᠭᠢᠨ ᠪᠣᠳᠣᠯᠬᠢᠯᠠᠬᠤ᠂ ᠠᠩᠬᠠᠷᠤᠨ ᠱᠢᠨᠵᠢᠬᠦ᠂ ᠶᠠᠭᠤ ᠪᠣᠯᠬᠤ᠎ᠶ᠋ᠢᠨ ᠲᠤᠬᠠᠢ ᠵᠠᠪ ᠴᠤ᠌ ᠣᠯᠭᠤᠭ᠍ᠰᠠᠨ ᠦᠭᠡᠢ᠃ ᠱᠢᠳᠡᠭ᠌ᠳᠡᠭ᠌ᠰᠡᠨ ᠱᠢᠭ ᠤᠨᠠᠵᠠᠢ᠃ ᠬᠦᠨᠳᠡᠢ ᠶᠡᠭᠡ ᠣᠷᠤᠨ ᠵᠠᠢ᠎ᠳᠤ ᠵᠢᠪᠠᠷ᠎ᠤᠨ ᠠᠶ᠎ᠠ᠎ᠪᠠᠷ ᠬᠡᠢᠰᠦᠨ᠎ᠡ᠃ ᠤᠨᠠᠬᠤ ᠶᠠᠪᠤᠴᠠ᠎ᠳᠤ ᠬᠦᠢᠳᠡᠨ ᠠᠭᠠᠷ᠎ᠲᠠᠢ ᠬᠠᠷᠭᠤᠵᠤ ᠴᠠᠷᠴᠠᠨ᠂ ᠴᠠᠰᠤᠨ ᠯᠠᠪᠰᠠ ᠪᠣᠯᠪᠠ᠃
ᠲᠡᠳᠡ᠂ ᠪᠡᠶ᠎ᠡ ᠪᠡᠶ᠎ᠡ᠎ᠪᠠᠨ ᠬᠠᠷᠠᠨ ᠭᠠᠢᠬᠠᠯᠳᠤᠯᠠ᠄
《ᠴᠢ ᠬᠡᠨ ᠶᠣᠮ?》
《ᠪᠢ ᠣᠰᠤᠨ ᠠᠭᠤᠷ ᠪᠠᠢᠨ᠎ᠠ》
《ᠪᠢᠰᠢ ᠬᠦ᠂ ᠬᠠᠪᠲᠠᠭᠠᠢ ᠴᠠᠭᠠᠨ ᠪᠣᠯᠵᠠᠢ》
《ᠦᠭᠡᠢ ᠪᠢᠵᠡ?》
《ᠲᠠ ᠴᠤ᠌ ᠨᠠᠮ᠎ᠠ᠎ᠲᠠᠢ ᠠᠳᠠᠯᠢᠬᠠᠨ ᠪᠠᠢᠨ᠎ᠠ》
ᠯᠠᠪᠰᠠᠨᠤᠭᠤᠳ ᠢᠳᠡᠭᠡᠵᠦ᠍ ᠶᠡᠳᠡᠪᠡ᠄ ᠴᠠᠪ ᠴᠠᠭᠠᠨ᠃ ᠶᠠᠭᠠᠬᠢᠭᠠᠳ ᠡᠢᠮᠦ᠍ ᠪᠣᠯᠴᠢᠬᠠᠪᠠ? ᠲᠡᠭ᠌ᠷᠢ ᠦᠭᠡᠳᠡ ᠬᠠᠷᠠᠬᠤ᠎ᠳᠤ ᠤᠷᠴᠢᠯᠠᠩ ᠳᠡᠯᠡᠭᠡᠢ ᠲᠡᠷᠡ ᠠᠶ᠎ᠠ᠎ᠪᠠᠷ ᠴᠠᠢᠪᠠᠭᠠᠷ᠃ ᠲᠤᠭ᠎ᠠ ᠲᠤᠮᠰᠢ ᠦᠭᠡᠢ ᠱᠢᠬᠦᠷ ᠴᠡᠴᠡᠭ ᠨᠢᠭᠡ ᠯᠡ ᠵᠦᠭ᠎ᠢ ᠵᠣᠷᠢᠨ᠎ᠠ᠃ ᠡᠭᠦᠯᠡ ᠡᠵᠢ ᠬᠠᠷᠠᠭ᠍ᠳᠠᠬᠤ ᠦᠭᠡᠢ᠃ ᠰᠦᠤᠳᠡᠢᠭ᠌ᠰᠡᠨ ᠰᠦᠮᠡᠭᠡᠷ ᠤᠭ᠍ᠲᠠᠷᠭᠤᠢ᠎ᠠᠴᠠ ᠤᠨᠠᠵᠤ ᠪᠠᠢᠨ᠎ᠠ ᠦᠦ? ᠭᠡᠮᠡᠷ᠃
《ᠡᠵᠢ ᠶᠠᠭᠠᠬᠢᠭᠠᠳ ᠦᠵᠡᠭ᠌ᠳᠡᠳᠡᠭ ᠦᠭᠡᠢ ᠶᠤᠮ?》
《ᠶᠠᠭᠤᠨ᠎ᠤ ᠡᠵᠢ ᠪᠣᠢ? ᠬᠤᠷᠳᠤᠨ ᠪᠠᠭᠤᠵᠠᠭᠠ!》
《ᠲᠠ ᠬᠡᠨ ᠪᠠᠢᠨ᠎ᠠ?》
《ᠵᠢᠪᠠᠷ ᠭᠡᠭ᠌ᠴᠢ ᠪᠢ ᠪᠠᠢᠨ᠎ᠠ᠃ ᠦᠭᠡᠢ ᠪᠣᠯ ᠲᠠ ᠨᠠᠷ ᠬᠠᠮᠢᠭ᠎ᠠ ᠶᠠᠪᠤᠬᠤ᠎ᠪᠠᠨ ᠶᠠᠭᠠᠬᠢᠵᠤ ᠮᠡᠳᠡᠬᠦ᠌ ᠶᠤᠮ?》 ᠭᠡᠵᠦ᠍ ᠰᠡᠷᠴᠢᠭᠢᠨᠡᠭ᠌ᠰᠡᠨ ᠲᠠᠭᠤ ᠴᠢᠬᠢᠨ᠎ᠳᠤ ᠬᠠᠳᠠᠯ᠎ᠠ᠄ 《ᠪᠢᠳᠠ ᠶᠠᠭᠠᠬᠢᠭᠠᠳ ᠯᠠᠪᠰᠠ ᠪᠣᠯᠴᠢᠬᠠᠭ᠍ᠰᠠᠨ ᠶᠤᠮ? ᠣᠰᠤᠨ ᠠᠭᠤᠷ ᠱᠢᠤ᠃ ᠬᠤᠢ᠎ᠲᠠᠢ᠂ ᠡᠵᠢ ᠮᠠᠨᠢ ᠦᠵᠡᠭᠡᠳ ᠲᠠᠨᠢᠳᠠᠭ ᠶᠤᠮ ᠦᠦ?》 ᠭᠡᠵᠦ᠍ ᠭᠤᠮᠣᠳᠠᠬᠤ᠎ᠳᠤ᠄ 《ᠲᠡᠷᠡ᠎ᠶ᠋ᠢ ᠪᠢ ᠮᠡᠳᠡᠬᠦ᠌ ᠦᠭᠡᠢ᠃ ᠠᠰᠠᠭᠤᠳᠠᠭᠠᠴᠠᠪᠠᠨ ᠠᠰᠠᠭᠤ》 ᠭᠡᠵᠦ᠍ ᠦᠨᠦᠬᠢ ᠳᠠᠭᠤ ᠠᠬᠢᠭᠠᠳ ᠲᠠᠴᠢᠭᠢᠨᠠᠵᠠᠢ᠃
ᠬᠠᠷᠠᠬᠤ᠎ᠳᠤ ᠦᠵᠡᠭ᠌ᠳᠡᠬᠦ᠌ ᠦᠭᠡᠢ᠂ ᠪᠠᠷᠢᠬᠤ᠎ᠳᠤ ᠮᠡᠳᠡᠭ᠌ᠳᠡᠬᠦ᠌ ᠦᠭᠡᠢ᠂ ᠰᠤᠨᠤᠰᠭᠤ᠎ᠳᠤ ᠲᠣᠳᠤᠬᠠᠨ ᠲᠡᠷᠡ ᠳᠠᠭᠤ ᠬᠠᠵᠠᠭᠤ᠎ᠳᠤ ᠰᠡᠷᠴᠢᠭᠢᠨᠡᠨᠡ᠃
ᠵᠢᠪᠠᠷ᠎ᠲᠤ ᠲᠠᠭᠤᠭ᠍ᠳᠠᠭ᠍ᠰᠠᠨ ᠯᠠᠪᠰᠠᠨᠤᠭᠤᠳ ᠲᠣᠷᠤᠭ᠍ᠰᠢᠪᠠᠨ ᠠᠶᠠᠯᠠᠭᠠᠳ ᠠᠶᠠᠷ ᠠᠶᠠᠷ ᠪᠠᠭᠤᠨ᠎ᠠ᠃ ᠬᠡᠢᠰᠦᠨ᠎ᠡ᠂ ᠬᠡᠢᠰᠤᠨᠠ᠂ ᠪᠡᠶ᠎ᠡ ᠪᠡᠶ᠎ᠡ᠎ᠲᠠᠢ᠎ᠪᠠᠨ ᠣᠷᠤᠯᠳᠤᠬᠤ ᠱᠢᠬ᠂ ᠨᠢᠭᠡ ᠯᠡ ᠵᠦᠭ᠎ᠢ ᠪᠠᠷᠢᠨ ᠬᠡᠢᠰᠦᠨ᠎ᠡ᠃
《ᠬᠠ ᠬᠠ ᠬᠠ᠃ ᠮᠢᠨᠦ᠍ ᠤᠷᠠᠯᠢᠭ᠎ᠤᠨ ᠣᠷᠠᠨ ᠪᠦᠳᠦᠭᠡᠯ ᠶᠠᠮᠠᠷ ᠪᠠᠢᠨ᠎ᠠ? ᠰᠠᠯᠬᠢ ᠡ! ᠰᠠᠢᠬᠠᠨ ᠪᠠᠢᠨ᠎ᠠ ᠦᠦ?》 ᠭᠡᠵᠦ᠍ ᠬᠠᠰᠭᠢᠷᠬᠤ ᠳᠠᠭᠤ ᠯᠠᠪᠰᠠᠨᠤᠭᠤᠳᠢ ᠰᠣᠴᠢᠭᠠᠯᠠ᠃ ᠡᠬᠦᠯᠡ ᠡᠵᠢ᠎ᠶ᠋ᠢᠨ ᠡᠪᠦᠷ᠎ᠲᠤ ᠵᠢᠷᠭᠠᠵᠤ ᠪᠠᠢᠭ᠍ᠰᠠᠨ ᠣᠰᠣᠨ ᠠᠭᠤᠷ ᠬᠡᠣᠬᠡᠳ᠎ᠤᠨ ᠬᠤᠪᠢᠯᠪᠣᠷᠢ ᠪᠡᠶ᠎ᠡ ᠪᠤᠶᠤ ᠯᠠᠪᠰᠠᠨᠤᠭᠤᠳ᠄
《ᠲᠠ ᠮᠠᠨᠢ ᠡᠢᠮᠦ᠍ ᠪᠣᠯᠭᠠᠭ᠍ᠰᠠᠨ ᠮᠦᠨ ᠦᠦ?》 ᠭᠡᠵᠦ᠍ ᠠᠭᠤᠷᠯᠠᠨ ᠠᠰᠠᠭᠤᠪᠠ᠃ ᠬᠠᠰᠭᠢᠷᠤᠭ᠍ᠰᠠᠨ ᠳᠠᠭᠤ ᠬᠠᠵᠠᠭᠤ᠎ᠪᠠᠷ᠎ᠨᠢ ᠢᠷᠡᠬᠦ᠌᠎ᠳᠤ ᠯᠠᠪᠰᠠᠨᠤᠭᠤᠳ ᠳᠠᠭ᠍ᠵᠢᠵᠠᠢ᠃ ᠶᠠᠮᠠᠷ ᠬᠦᠢᠳᠡᠨ ᠶᠣᠮ ᠪᠣᠢ᠂ ᠣᠰᠤᠭᠤᠮᠠᠷ᠃
《ᠣᠳᠤ ᠲᠠ ᠨᠠᠷ ᠣᠰᠣᠨ ᠠᠭᠤᠷ ᠪᠢᠰᠢ ᠪᠣᠯᠣᠭ᠍ᠰᠠᠨ᠃ ᠬᠡᠣᠬᠡᠳ ᠴᠤ᠌ ᠪᠢᠰᠢ᠃ ᠬᠠᠷᠢᠨ ᠁》 ᠭᠡᠳ ᠶᠡᠬᠡᠮᠰᠦᠭ ᠬᠠᠷᠠᠵᠤ᠄
《ᠬᠦᠢᠳᠡᠨ ᠮᠢᠨᠦ᠍ ᠤᠷᠠᠨ ᠪᠦᠳᠦᠭᠡᠯ — ᠴᠠᠰᠤ》 ᠭᠡᠪᠡ᠃
ᠴᠠᠰᠤ ᠭᠠᠵᠠᠷ᠎ᠤᠨ ᠪᠠᠷ᠎ᠠ᠎ᠶ᠋ᠢ ᠬᠠᠷᠠᠯ᠎ᠠ᠃ ᠬᠦᠷᠦᠰᠦᠨ ᠳᠡᠭᠡᠷ᠎ᠡ᠂ ᠡᠪᠡᠰᠦᠨ ᠳᠡᠭᠡᠷ᠎ᠡ᠂ ᠠᠷᠭᠠᠯ ᠳᠡᠭᠡᠷ᠎ᠡ᠂ ᠠᠮᠢᠳᠠᠨ ᠳᠡᠭᠡᠷ᠎ᠡ ᠁ ᠬᠦᠷᠦᠰᠦ ᠬᠠᠷᠢᠨ ᠵᠢᠭ᠌ᠳᠡᠢ ᠳᠤᠯᠠᠭᠠᠨ ᠪᠠᠢᠵᠦ᠍᠂ ᠳᠡᠭᠡᠷ᠎ᠡ᠎ᠨᠢ ᠣᠨᠠᠭ᠍ᠰᠠᠨ ᠴᠠᠰᠤ ᠬᠠᠢᠯᠤᠨ ᠣᠷᠤᠰᠦᠯᠡ᠃ ᠴᠠᠰᠤ ᠪᠢᠰᠢ᠂ ᠪᠣᠷᠤᠭᠠᠨ ᠣᠷᠤᠭ᠍ᠰᠠᠨ ᠱᠢᠭ᠋ ᠪᠣᠯᠵᠠᠢ᠃ ᠪᠣᠳᠠ ᠳᠡᠭᠡᠷ᠎ᠡ ᠪᠠᠭᠤᠭ᠍ᠰᠠᠨ ᠴᠠᠰᠤᠨᠤᠭᠤᠳ ᠪᠠᠰᠠ ᠯᠠ ᠭᠠᠢᠬᠠᠰᠢ ᠠᠯᠳᠠᠵᠠᠢ᠄
《ᠲᠡᠷᠡ ᠶᠠᠭᠤ ᠶᠣᠮ? ᠬᠦᠶᠦᠭᠡᠳ ᠪᠠᠢᠨ᠎ᠠ》 ᠭᠡᠬᠦ᠌᠎ᠳᠤ ᠪᠤᠲᠠ᠄
《ᠴᠠᠰᠤ ᠬᠠᠢᠯᠣᠭᠠᠳ ᠭᠤᠷᠤᠬ᠎ᠠ ᠪᠣᠯᠤᠨ ᠣᠷᠤᠰᠴᠤ᠌ ᠪᠠᠢᠨ᠎ᠠ》 ᠭᠡᠪᠡ᠃
《ᠣᠰᠤ ᠮᠦᠨ ᠦᠦ?》
《ᠮᠦᠨ!》
ᠡᠪᠡᠰᠤᠨ ᠳᠡᠭᠡᠷ᠎ᠡ᠂ ᠪᠣᠳᠠᠨ ᠳᠡᠭᠡᠷ᠎ᠡ᠂ ᠮᠠᠯ ᠳᠡᠭᠡᠷ᠎ᠡ ᠁ ᠪᠠᠭᠤᠭ᠍ᠰᠠᠨ ᠴᠠᠰᠤᠨ ᠬᠡᠣᠬᠡᠳ᠎ᠤᠳ ᠠᠯᠠᠭ᠎ᠠ ᠳᠠᠱᠢᠨ ᠬᠦᠭᠡᠷᠴᠡᠢ᠃ ᠲᠡᠳᠡ ᠴᠠᠢᠷᠠᠨ᠎ᠠ᠃ ᠡᠵᠢ ᠮᠢᠨᠢ ᠦᠵᠡᠪᠡᠯ ᠬᠤᠯᠠ᠎ᠠᠴᠠ ᠴᠤ᠌ ᠭᠡᠰᠡᠨ ᠲᠠᠨᠢᠨ᠎ᠠ ᠪᠠᠢᠬ᠎ᠠ᠃
ᠠᠩᠭᠠᠭ᠍ᠰᠠᠨ ᠠᠷᠭᠠᠯ ᠬᠠᠷᠢᠨ ᠪᠠᠶᠠᠷᠯᠠᠵᠠᠢ᠃ ᠪᠣᠭᠤᠷᠤᠯ ᠪᠡᠶ᠎ᠡ᠎ᠪᠠᠨ ᠬᠠᠷᠠᠨ ᠬᠠᠷᠠᠨ ᠳᠣᠭ᠍ᠳᠣᠯᠵᠤ᠄
《ᠲᠡᠭ᠌ᠷᠢ᠎ᠶ᠋ᠢᠨ ᠭᠡᠱᠢᠭ!》 ᠭᠡᠵᠦ᠍ ᠮᠦᠷᠬᠦᠪᠡ᠃ ᠴᠠᠰᠤ ᠰᠣᠨᠣᠰᠣᠭᠠᠳ᠄
《ᠲᠠ ᠡᠪᠡᠰᠤ ᠮᠦᠨ ᠦᠦ?》 ᠭᠡᠪᠡ᠃
《ᠪᠢᠰᠢ!》
《ᠣᠷᠭᠤᠮᠠᠯ ᠮᠦᠨ ᠦᠦ?》 ᠭᠡᠪᠡ᠃
《ᠪᠢᠰᠢ!》
《ᠲᠡᠭᠡᠪᠡᠯ ᠶᠠᠭᠤ ᠶᠣᠮ?》
《ᠦᠭᠡᠷ᠎ᠤᠨ ᠪᠠᠭᠠᠰᠤ!》
ᠴᠠᠰᠤᠨ ᠴᠡᠴᠡᠭ᠎ᠤᠳ ᠰᠠᠨᠳᠤᠷᠴᠤ᠌᠄ 《ᠡᠵᠢ ᠮᠠᠨᠢ᠄ 〈ᠡᠪᠡᠰᠤ ᠤᠷᠭᠤᠮᠠᠯ᠎ᠤᠨ ᠶᠢᠷᠲᠢᠨᠴᠤ᠎ᠳᠤ ᠶᠠᠪᠤ〉 ᠭᠡᠰᠡᠨ ᠪᠢᠰᠢ ᠪᠢᠯᠢᠣ? ᠶᠠᠭᠠᠬᠢᠭᠠᠳ ᠦᠭᠡᠷ᠎ᠤᠨ ᠪᠠᠭᠠᠰᠤᠨ ᠳᠡᠭᠡᠷ᠎ᠡ ᠢᠷᠡᠴᠢᠬᠡᠭ᠌ᠰᠡᠨ ᠶᠤᠮ? ᠰᠠᠯᠬᠢ ᠡ᠂ ᠲᠠ ᠬᠠᠮᠢᠭ᠎ᠠ ᠪᠠᠢᠨ᠎ᠠ? ᠮᠠᠨᠢ ᠠᠪᠤᠭᠠᠳ ᠶᠠᠪᠤ》 ᠭᠡᠵᠦ᠍ ᠬᠠᠰᠭᠢᠷᠤᠯ᠎ᠠ᠃
ᠰᠠᠯᠬᠢ ᠪᠠᠰᠠ ᠯᠡ ᠰᠡᠷᠴᠢᠭᠢᠨᠡᠭ᠌ᠰᠡᠨ ᠳᠠᠭᠤᠲᠠᠢ ᠢᠷᠡᠭᠡᠳ ᠦᠯᠢᠶᠡᠪᠡ᠃ ᠴᠠᠰᠤ ᠪᠣᠲᠠᠷᠠᠨ ᠬᠡᠢᠰᠦᠯᠡ᠃ ᠭᠠᠵᠠᠷ ᠣᠨᠠᠬᠤ᠎ᠲᠠᠢ ᠵᠡᠷᠬᠡ ᠣᠰᠤ ᠪᠣᠯᠪᠠ᠃ ᠵᠠᠷᠢᠮ᠎ᠨᠢ ᠣᠷᠤᠰᠪᠠ᠂ ᠵᠠᠷᠢᠮ᠎ᠨᠢ ᠱᠢᠩᠭᠡᠪᠡ᠃ ᠵᠠᠷᠢᠮ᠎ᠨᠢ ᠁
ᠡᠬᠦᠯᠡ ᠡᠵᠢ ᠮᠦᠷᠦᠭᠡᠳᠦᠯ ᠪᠣᠯᠤᠭ᠍ᠰᠠᠨ ᠬᠡᠣᠬᠡᠳᠤᠳᠤᠨᠢᠶᠠᠨ ᠪᠠᠷ᠎ᠠ᠎ᠶ᠋ᠢ ᠬᠠᠷᠠᠬᠤ ᠭᠡᠵᠦ᠍ ᠨᠢᠳᠦ᠍᠎ᠪᠠᠨ ᠴᠢᠯᠡᠭᠡᠯ᠎ᠡ᠃ ᠣᠭ᠍ᠲᠠᠷᠭᠤᠢ ᠲᠡᠷᠡ ᠠᠶ᠎ᠠ᠎ᠪᠠᠷ ᠵᠡᠭᠡᠯ ᠰᠠᠭᠠᠷᠠᠯ᠃ ᠪᠣᠲᠠᠷᠠᠨ ᠬᠤᠢᠯᠠᠷᠠᠬᠤ᠂ ᠱᠣᠣᠭᠢᠨ ᠦᠢᠮᠡᠯᠳᠦᠬᠦ᠌ ᠶᠡᠭᠡ ᠳᠡᠪᠵᠢᠶᠡᠨ ᠬᠠᠮᠤᠭᠢ ᠬᠠᠯᠬᠠᠯᠠᠵᠠᠢ᠃ ᠭᠠᠵᠠᠷ ᠣᠨᠠᠭ᠍ᠰᠠᠨ ᠴᠠᠰᠤ ᠬᠠᠢᠯᠤᠭ᠍ᠰᠠᠭᠠᠷ᠃ ᠬᠠᠢᠯᠤᠭ᠍ᠰᠠᠨ ᠴᠠᠰᠤ ᠭᠤᠷᠤᠬ᠎ᠠ ᠪᠣᠯᠤᠨ ᠣᠷᠣᠰᠤᠨᠠ᠃ ᠶᠢᠷᠳᠢᠨᠴᠤ᠌ ᠠᠯᠠᠭ ᠴᠤᠭᠤᠭ ᠪᠣᠯᠪᠠ᠃
ᠰᠦᠷᠦᠭ ᠦᠬᠡᠷ ᠴᠠᠢᠷᠠᠬᠤ ᠴᠠᠰᠤᠨ ᠲᠣᠮᠳᠠ ᠪᠡᠯᠴᠢᠭᠡᠷᠯᠡᠨ᠎ᠡ᠃ ᠲᠡᠳᠡᠨ᠎ᠤ ᠪᠡᠶ᠎ᠡ ᠳᠡᠭᠡᠷ᠎ᠡ᠂ ᠰᠣᠷᠮᠤᠤᠰᠤᠨ ᠳᠡᠭᠡᠷ᠎ᠡ᠂ ᠡᠪᠡᠷ ᠳᠡᠭᠡᠷ᠎ᠡ ᠪᠦᠷ ᠴᠠᠰᠤ᠃ ᠬᠦᠷᠠᠩ ᠱᠠᠷ᠎ᠤᠨ ᠪᠤᠲᠠᠨ ᠳᠡᠭᠡᠷ᠎ᠡ ᠲᠣᠭ᠍ᠳᠠᠭ᠍ᠰᠠᠨ ᠴᠠᠰᠤ᠎ᠶ᠋ᠢ ᠳᠣᠯᠢᠶᠠᠨ ᠤᠮᠳᠠ ᠳᠠᠷᠤᠬᠤ᠎ᠶ᠋ᠢ ᠬᠠᠷᠠᠭ᠍ᠰᠠᠨ ᠠᠯᠠᠭ ᠲᠣᠭᠤᠯ᠄
《ᠲᠠ ᠶᠠᠭᠠᠬᠢᠭᠠᠳ ᠣᠰᠤ ᠣᠣᠭᠤᠬᠤ ᠦᠭᠡᠢ ᠴᠠᠰᠤ ᠢᠳᠡᠳᠡᠭ ᠶᠤᠮ?》 ᠭᠡᠵᠦ᠍ ᠰᠣᠨᠢᠷᠬᠠᠪᠠ᠃
ᠬᠦᠷᠠᠩ ᠱᠠᠷ᠄
《ᠴᠠᠰᠤᠨ᠎ᠳᠤ ᠪᠠᠰᠠ ᠴᠠᠰᠤᠨ᠎ᠤ ᠠᠮᠳᠠ ᠪᠣᠢ!》 ᠭᠡᠯᠡ᠃
ᠲᠣᠭᠤᠯ᠎ᠤᠳ ᠣᠰᠤ ᠪᠢᠰᠢ᠂ ᠴᠠᠰᠤ ᠢᠳᠡᠨ᠎ᠡ᠃ ᠴᠠᠰᠤᠨ᠎ᠳᠤ ᠪᠠᠰᠠ ᠴᠠᠰᠤᠨ᠎ᠤ ᠠᠮᠳᠠ ᠪᠣᠢ ᠠᠵᠢ᠃
ᠬᠤᠨᠢᠳ ᠲᠣᠪᠣᠷ ᠲᠣᠪᠣᠷ᠃ ᠡᠪᠡᠰᠦ᠎ᠶ᠋ᠢ ᠴᠠᠰᠤ ᠨᠠᠪᠰᠠᠢᠨ ᠳᠠᠷᠤᠵᠠᠢ᠃ ᠮᠠᠯ ᠡᠪᠡᠰᠤ᠎ᠶ᠋ᠢ ᠴᠠᠰᠤ᠎ᠲᠠᠢ ᠢᠳᠡᠪᠡ᠃ ᠦᠯ ᠳᠠᠷᠤᠭ᠍ᠳᠠᠨᠠ᠂ ᠣᠮᠳᠠ ᠴᠤ᠌ ᠬᠠᠷᠢᠨ᠎ᠠ᠃
ᠮᠠᠯ᠎ᠤᠨ ᠠᠮᠠᠨ᠎ᠳᠤ ᠣᠷᠤᠭ᠍ᠰᠠᠨ ᠴᠠᠰᠤ ᠭᠤᠨᠢᠵᠤ᠄
《ᠡᠵᠢ ᠪᠢᠳᠠᠨ᠎ᠳᠤ ᠡᠪᠡᠰᠤ ᠣᠷᠭᠤᠮᠠᠯ᠎ᠤᠨ ᠶᠢᠷᠳᠢᠨᠴᠤ᠎ᠳᠤ ᠪᠠᠭᠤᠨ᠎ᠠ ᠭᠡᠰᠡᠨ ᠶᠤᠮ᠃ ᠶᠠᠭᠠᠬᠢᠭᠠᠳ ᠠᠮᠢᠳᠠᠨ᠎ᠤ ᠠᠮᠠᠨ᠎ᠳᠤ ᠣᠷᠤᠴᠢᠬᠠᠪᠠ?》 ᠭᠡᠬᠦ᠌᠎ᠳᠤ ᠬᠠᠷᠭᠠᠨ᠎ᠠ᠎ᠶ᠋ᠢᠨ ᠨᠠᠷᠢᠨ ᠮᠦᠴᠢᠷ᠄
《ᠪᠢᠳᠡᠭᠡᠢ ᠵᠣᠪᠠ᠂ ᠮᠢᠨᠦ᠍ ᠽᠠᠮᠪᠠᠭ᠎ᠠ᠎ᠶ᠋ᠢ ᠲᠠᠭ᠎ᠠ᠃ ᠽᠠᠮᠪᠠᠭ᠎ᠠ ᠲᠣᠳᠤᠷ᠎ᠠ ᠢᠳᠡᠭᠡ ᠪᠣᠢ᠃ ᠮᠠᠯ ᠱᠢᠩᠭᠡᠭᠡᠵᠦ᠍ ᠴᠢᠳᠠᠳᠠᠭ ᠦᠭᠡᠢ ᠶᠤᠮ᠃ ᠬᠤᠷᠭᠤᠯ ᠳᠠᠭᠠᠭᠠᠳ ᠭᠠᠷᠴᠤ᠌ ᠢᠷᠡᠨ᠎ᠡ᠃ ᠴᠢ ᠢᠳᠡᠭᠡ᠎ᠲᠠᠢ ᠨᠠᠭᠠᠯ᠎ᠳᠤ᠃ ᠣᠷᠭᠤᠬᠤ᠎ᠳᠤ ᠁》 ᠭᠡᠵᠡᠢ᠃
《ᠪᠠᠰᠠ ᠲᠡᠭᠡᠳᠡᠭ ᠶᠤᠮ ᠦᠦ?》 ᠭᠡᠵᠦ᠍ ᠠᠮᠠᠨ᠎ᠳᠤ ᠣᠷᠤᠭ᠍ᠰᠠᠨ ᠴᠠᠰᠤ ᠭᠠᠢᠬᠠᠵᠠᠢ᠃
ᠬᠠᠶᠠᠯᠠᠨ ᠢᠷᠡᠬᠦ᠌ ᠴᠠᠰᠤᠨ ᠴᠡᠴᠡᠭ᠎ᠠᠴᠠ ᠨᠢᠭᠡᠨ ᠯᠡᠪᠰᠡ ᠬᠦᠰᠡᠯ ᠳᠦᠬᠦᠷᠡᠩ ᠮᠦᠷᠦᠭᠡᠳᠦᠯ ᠡᠪᠦᠷᠯᠡᠭ᠌ᠰᠡᠭᠡᠷ 《ᠡᠪᠡᠰᠤ ᠣᠷᠭᠤᠮᠠᠯ᠎ᠤᠨ ᠶᠢᠷᠳᠢᠨᠴᠤ᠌》 ᠳ᠋ᠦ ᠪᠠᠭᠤᠵᠤ ᠢᠷᠡᠯ᠎ᠡ᠃ ᠬᠦᠯᠳᠡᠭᠦᠤ ᠡᠪᠦᠯ᠎ᠢ ᠠᠵᠢᠭ ᠦᠭᠡᠢ ᠲᠣᠭᠤᠯᠤᠭ᠍ᠰᠠᠨ ᠰᠣᠪᠤᠷᠭᠠᠨ ᠴᠣᠯᠢᠬᠢᠷ ᠲᠡᠭᠦᠨ᠎ᠢ ᠤᠭ᠍ᠲᠤᠨ ᠠᠪᠤᠪᠠ᠃ ᠯᠠᠪᠰᠠ᠎ᠶ᠋ᠢ ᠬᠠᠲᠠᠭ᠍ᠰᠠᠨ ᠨᠠᠪᠴᠢᠨ ᠳᠡᠭᠡᠷ᠎ᠡ᠎ᠪᠠᠨ ᠪᠠᠭᠤᠯᠭᠠᠭ᠍ᠰᠠᠨ ᠴᠣᠯᠢᠬᠢᠷ᠄
《ᠴᠠᠰᠤ ᠪᠠᠰᠠ ᠡᠢᠮᠦ᠍ ᠰᠠᠢᠬᠠᠨ ᠪᠠᠢᠳᠠᠭ ᠶᠤᠮ ᠦᠦ?》 ᠭᠡᠵᠦ᠍ ᠳᠠᠭᠤ ᠠᠯᠳᠠᠯ᠎ᠠ᠃ ᠯᠠᠪᠰᠠ ᠴᠤ᠌ ᠭᠡᠰᠡᠨ ᠴᠡᠴᠡᠭ᠎ᠲᠠᠢ ᠠᠳᠠᠯᠢ ᠵᠢᠷᠭᠤᠭᠠᠨ ᠬᠦᠭᠡᠷᠦᠬᠦᠨ ᠳᠠᠯᠪᠢ᠎ᠲᠠᠢ᠂ ᠳᠠᠯᠪᠢ ᠪᠦᠷᠢ᠎ᠨᠢ ᠬᠡ᠎ᠲᠠᠢ᠂ ᠨᠢᠭᠡ ᠯᠡ ᠬᠡᠪ᠎ᠢᠶᠠᠷ ᠴᠢᠳᠭᠤᠭ᠍ᠰᠠᠨ ᠰᠢᠬ᠃ ᠯᠠᠪᠰᠠ ᠶᠠᠭᠤᠨ ᠳᠡᠭᠡᠷ᠎ᠡ ᠪᠠᠭᠤᠭ᠍ᠰᠠᠨ᠎ᠢᠶᠠᠨ ᠣᠢᠯᠠᠭᠠᠵᠤ ᠶᠠᠳᠠᠨ ᠪᠦᠱᠦᠭᠦᠷᠭᠡᠵᠦ᠍᠄
《ᠲᠠ ᠴᠢᠨᠢ ᠁》 ᠭᠡᠪᠡ᠃ ᠴᠣᠯᠢᠬᠢᠷ ᠲᠡᠭᠦᠨ᠎ᠢ ᠳᠤᠭ᠍ᠲᠠᠭᠤᠬᠠᠨ ᠬᠠᠷᠠᠭᠠᠳ᠄
《ᠪᠢ ᠴᠣᠯᠢᠬᠢᠷ ᠪᠠᠢᠨ᠎ᠠ》 ᠭᠡᠪᠡ᠃
《ᠴᠣᠯᠢᠬᠢᠷ ᠭᠡᠳᠡᠭ ᠴᠢᠨᠢ》 ᠭᠡᠵᠦ᠍ ᠯᠠᠪᠰᠠ ᠲᠠᠭ᠍ᠯᠠᠷᠠᠵᠠᠢ᠃ ᠲᠡᠭᠦᠨ᠎ᠳᠤ ᠡᠵᠢ᠎ᠶ᠋ᠢᠨ ᠬᠢᠨᠢ ᠵᠠᠬᠢᠶ᠎ᠠ ᠪᠣᠳᠤᠭ᠍ᠳᠠᠭᠠᠳ ᠪᠣᠯᠳᠠᠭ ᠦᠭᠡᠢ᠃
《ᠡᠪᠡᠰᠤ!》
《ᠣᠣ᠂ ᠡᠪᠡᠰᠤ ᠦᠦ?》 ᠭᠡᠳ ᠯᠠᠪᠰᠠ ᠪᠠᠶᠠᠷᠯᠠᠨ ᠬᠦᠭᠡᠷᠴᠤ᠌᠄ 《ᠡᠵᠢ ᠪᠢᠳᠠᠨ᠎ᠢ 〈ᠡᠪᠡᠰᠤ ᠣᠷᠭᠤᠮᠠᠯ᠎ᠤᠨ ᠶᠢᠷᠳᠢᠨᠴᠤ᠎ᠳᠤ ᠪᠠᠭᠤ〉 ᠭᠡᠰᠡᠨ᠃ ᠲᠡᠭᠡᠪᠡᠯ ᠪᠢ ᠴᠢᠨᠢ ᠪᠠᠭᠤᠳᠠᠭ ᠭᠠᠵᠠᠷ᠎ᠲᠠᠭᠠᠨ ᠪᠠᠭᠤᠴᠢᠬᠠᠭ᠍ᠰᠠᠨ ᠮᠦᠨ ᠦᠦ?》 ᠭᠡᠯᠡ᠃
ᠴᠣᠯᠢᠭᠢᠷ ᠯᠠᠪᠰᠠ ᠬᠡᠮᠡᠬᠦ᠌ ᠴᠠᠰᠤᠨ ᠴᠡᠴᠡᠭ᠎ᠢ ᠬᠠᠢᠷᠠᠯᠠᠪᠠ᠃ ᠨᠢᠯᠬ᠎ᠠ ᠪᠠᠭ᠎ᠠ ᠴᠤ᠌ ᠦᠪᠡᠷ᠎ᠤᠨ ᠭᠡᠬᠦ᠌ ᠮᠦᠷᠦᠭᠡᠳᠦᠯ᠎ᠲᠠᠢ ᠠᠵᠢ᠃ ᠮᠦᠷᠦᠭᠡᠳᠦᠯ ᠪᠠᠢᠭ᠍ᠰᠠᠨ ᠴᠠᠭ᠎ᠲᠤ ᠪᠡᠶᠡᠯᠡᠬᠦ᠌ ᠶᠤᠰᠤ ᠪᠣᠢ᠃ ᠬᠤᠷᠪᠣᠢᠨ ᠬᠠᠳᠠᠭ᠍ᠰᠠᠨ ᠴᠣᠯᠢᠬᠢᠷ᠎ᠤᠨ ᠨᠠᠪᠴᠢᠨ ᠳᠡᠭᠡᠷ᠎ᠡ ᠪᠠᠭᠤᠭ᠍ᠰᠠᠨ ᠯᠠᠪᠰᠠ᠎ᠶ᠋ᠢ ᠴᠣᠯᠢᠬᠢᠷ ᠢᠳᠡᠭᠡ ᠳᠡᠭᠡᠷ᠎ᠡ᠎ᠪᠠᠨ ᠬᠦᠷᠭᠡᠯ᠎ᠡ᠃ ᠠᠮᠲᠠᠲᠠᠢᠬᠠᠨ ᠤᠨᠲᠠᠵᠤ ᠪᠠᠢᠭ᠍ᠰᠠᠨ ᠬᠤᠶᠠᠭ᠎ᠲᠠᠢ ᠢᠳᠡᠭᠡ ᠬᠦᠢᠳᠡᠨ ᠨᠣᠢᠲᠠᠨ ᠶᠠᠭᠤᠮ᠎ᠠ ᠲᠣᠯᠬᠤ᠎ᠪᠠᠷ ᠰᠣᠴᠢᠰᠭᠢᠵᠦ᠍᠄
《ᠶᠠᠭᠤ ᠪᠠᠢᠨ᠎ᠠ? ᠡᠨᠡ ᠴᠢᠨᠢ᠃ ᠶᠠ ᠶᠠ》 ᠭᠡᠵᠦ᠍ ᠪᠡᠶ᠎ᠡ᠎ᠪᠠᠨ ᠱᠦᠷᠭᠦᠭᠡᠨ ᠪᠣᠰᠭᠤ᠎ᠳᠤ᠄ 《ᠪᠠᠭᠠᠷᠲᠠᠭ᠍ᠯᠠᠨᠠ ᠦᠦ? ᠴᠢ᠃ ᠴᠠᠰᠤᠨ ᠬᠡᠣᠬᠡᠨ ᠪᠠᠢᠨ᠎ᠠ᠃ ᠤᠨᠲᠠᠭᠠᠳ ᠪᠠᠢᠬᠤ ᠶᠤᠮ ᠦᠦ? ᠣᠷᠭᠤ》 ᠭᠡᠵᠦ᠍ ᠴᠣᠯᠢᠬᠢᠷ ᠡᠵᠢ ᠬᠡᠣᠬᠡᠳ᠎ᠢᠶᠠᠨ ᠬᠠᠯᠠᠳᠠᠵᠠᠢ᠃ ᠢᠳᠡᠭᠡ ᠬᠦᠤ ᠯᠠᠪᠰᠠ᠎ᠶ᠋ᠢ ᠳᠣᠣᠭᠤᠷ ᠬᠠᠷᠠᠵᠤ᠄
《ᠲᠡᠭᠡᠶ᠎ᠡ ᠨᠢᠬᠡ ᠬᠡᠯᠡᠴᠢᠬᠡᠳᠡᠭ ᠪᠢᠰᠢ ᠶᠤᠮ ᠦᠦ?》 ᠭᠡᠵᠦ᠍ ᠠᠮᠠᠨ ᠳᠡᠭᠡᠷ᠎ᠡ᠎ᠪᠠᠨ ᠲᠦᠳᠦᠨᠡᠬᠦ᠌ ᠴᠤ᠌ ᠠᠶᠤᠤᠯᠢᠬᠠᠢ ᠲᠦᠬᠦᠷᠡᠩ ᠪᠠᠶᠠᠷᠲᠠᠢ᠃ ᠴᠠᠰᠤᠨ ᠬᠡᠣᠬᠡᠨ ᠢᠴᠢᠮᠡᠭᠡᠢᠷᠡᠨ ᠢᠨᠢᠶᠡᠵᠦ᠍᠄
《ᠲᠠᠨ᠎ᠢ ᠪᠢ ᠰᠣᠴᠢᠭᠠᠴᠢᠬᠠᠪᠠ ᠦᠦ? ᠠᠭᠤᠴᠢᠯᠠᠭᠠᠷᠠᠢ!》 ᠭᠡᠬᠦ᠌᠎ᠳᠤ᠄ 《ᠦᠬᠡᠢ᠂ ᠦᠬᠡᠢ᠃ ᠲᠠ ᠴᠢᠨᠢ ᠴᠠᠭ᠎ᠤᠨ ᠬᠤᠷ᠎ᠠ ᠪᠠᠢᠨ᠎ᠠ》 ᠭᠡᠵᠦ᠍ ᠢᠳᠡᠭᠡ ᠦᠭᠡᠳᠡ᠎ᠠᠴᠠ᠎ᠨᠢ ᠮᠠᠷᠰᠠᠢᠵᠠᠢ᠃
ᠴᠣᠯᠢᠬᠢᠷ ᠡᠵᠢ ᠴᠠᠭᠠᠰᠢ᠎ᠪᠠᠨ ᠬᠠᠨᠳᠣᠬᠤ ᠴᠢᠯᠦᠭᠡᠨ᠎ᠳᠤ ᠢᠳᠡᠭᠡ ᠬᠦᠤ ᠴᠠᠰᠤᠨ ᠬᠡᠣᠬᠡ᠎ᠨᠢ ᠡᠪᠦᠷᠯᠡᠵᠡᠢ᠃ ᠰᠣᠴᠢᠮᠠᠭ ᠢᠷᠡᠭ᠌ᠰᠡᠨ ᠳᠤᠷᠠᠯᠠᠯ ᠰᠠᠢᠬᠠᠨ ᠪᠠᠢᠳᠠᠭ ᠮᠦᠨ ᠦᠦ? ᠴᠠᠰᠤᠨ ᠲᠤᠮᠳᠠᠭᠤᠷ ᠠᠩᠳᠤ ᠮᠣᠷᠳᠠᠭ᠍ᠰᠠᠨ ᠦᠨᠡᠭᠡ ᠱᠣᠭ᠍ᠰᠢᠵᠤ ᠶᠠᠪᠤᠭ᠍ᠰᠠᠨ᠎ᠢᠶᠠᠨ ᠰᠣᠪᠣᠷᠭ᠎ᠠ ᠴᠣᠯᠢᠭᠢᠷᠤᠨ ᠳᠡᠭᠡᠬᠦᠷ ᠬᠠᠷᠠᠢᠨ ᠭᠠᠷᠬᠤ᠎ᠳᠤ ᠲᠣᠯᠤᠭᠠᠢ᠎ᠨᠢ ᠲᠠᠭᠠᠷᠢᠭ᠍ᠳᠠᠨ ᠤᠨᠠᠯ᠎ᠠ᠃ ᠴᠠᠰᠤᠨ ᠬᠡᠣᠬᠡᠨ ᠢᠳᠡᠭᠡ ᠬᠦᠤ ᠬᠤᠶᠠᠷ ᠪᠡᠶ᠎ᠡ ᠪᠡᠶ᠎ᠡ᠎ᠳᠡᠭᠡᠨ ᠠᠭᠤᠰᠤᠭᠠᠳ ᠬᠦᠷᠦᠰᠦᠨ ᠳᠡᠭᠡᠷ᠎ᠡ ᠣᠢᠴᠢᠪᠠ᠃
ᠴᠠᠰᠤ ᠯᠠᠪᠰᠠᠯᠠᠵᠤ ᠪᠠᠢᠭ᠍ᠰᠠᠨ᠎ᠢᠶᠠᠨ ᠪᠣᠷᠤᠭᠠᠯᠠᠪᠠ᠃ ᠪᠦᠯᠢᠶᠡᠭᠡᠨ ᠪᠠᠢᠭ᠍ᠰᠠᠨ ᠠᠭᠤᠷ ᠠᠮᠢᠰᠭᠤᠯ ᠬᠦᠢᠳᠡᠷᠡᠯ᠎ᠡ᠃ ᠰᠠᠯᠬᠢ ᠦᠶ᠎ᠡ ᠦᠶ᠎ᠡ ᠬᠠᠣᠬᠢᠬᠤᠳᠤ ᠪᠣᠷᠣᠭᠠᠨ ᠱᠠᠷᠴᠢᠭᠢᠨᠠᠨ ᠣᠷᠤᠨ᠎ᠠ᠃ ᠬᠦᠢᠳᠡᠨ ᠴᠤ᠌ ᠡᠷᠴᠢ᠎ᠪᠠᠨ ᠨᠡᠮᠡᠵᠡᠢ᠃ ᠳᠡᠪᠡᠯ ᠳᠡᠭᠡᠷ᠎ᠡ ᠣᠷᠤᠭ᠍ᠰᠠᠨ᠎ᠨᠢ ᠤᠰᠤ ᠪᠣᠯᠪᠠ᠃ ᠲᠡᠯᠡᠭᠡᠢ ᠳᠡᠭᠡᠷ᠎ᠡ ᠳᠣᠰᠤᠭ᠍ᠰᠠᠨᠨᠢ ᠳᠣᠰᠤ ᠪᠣᠯᠪᠠ᠃ ᠪᠠᠢᠭᠠᠯᠢ ᠡᠬᠡ᠎ᠶ᠋ᠢᠨ ᠲᠣᠭᠤᠰᠤ ᠱᠢᠷᠣᠢ᠂ ᠭᠭᠢᠷ ᠪᠤᠷᠲᠠᠭ ᠣᠬᠢᠶᠠᠭ᠍ᠳᠠᠵᠠᠢ᠃ ᠨᠠᠷᠠᠨ᠎ᠤ ᠭᠡᠷᠡᠯᠳᠤ ᠡᠳᠡ ᠪᠦᠬᠦᠨ ᠭᠢᠯᠪᠠᠵᠤ ᠬᠠᠷᠠᠭ᠍ᠳᠠᠨ᠎ᠠ ᠪᠢᠵᠡ? ᠪᠤᠲᠠᠨᠤ ᠰᠠᠯᠠᠭᠠᠨ᠎ᠳᠤ ᠨᠠᠭᠠᠯᠳᠤᠨ ᠠᠲᠤᠷᠢᠭ᠍ᠰᠠᠨ ᠪᠣᠷᠤ ᠡᠷᠪᠡᠬᠡᠢ ᠭᠤᠣᠯ ᠦᠭᠡᠢ ᠳᠡᠪᠲᠦᠭᠡᠳ᠂ ᠵᠦᠪᠬᠡᠨ ᠲᠣᠯᠠᠭᠠᠨᠢ ᠬᠦᠰᠡᠨ᠎ᠡ᠃ ᠱᠢᠪᠠᠭᠤᠳ ᠴᠤ᠌ ᠡᠭᠦᠷ ᠡᠭᠦᠷᠲᠡᠭᠡᠨ᠃ ᠳᠡᠭ᠌ᠷᠢ ᠴᠡᠯᠮᠡᠬᠦ᠌ᠶ᠋ᠢ ᠬᠦᠯᠢᠶᠡᠨ᠎ᠡ᠃
ᠪᠣᠷᠤ ᠮᠤᠳᠤ᠎ᠶ᠋ᠢᠨ ᠳᠣᠣᠭᠤᠷ ᠡᠭᠦᠷ᠎ᠢᠶᠠᠨ ᠵᠠᠰᠠᠭ᠍ᠰᠠᠨ ᠬᠤᠯᠤᠭᠠᠨ᠎ᠠ ᠳᠡᠭᠡᠪᠦᠷ ᠳᠡᠯᠡᠳᠦᠨ ᠣᠷᠤᠬᠤ ᠪᠣᠷᠤᠭᠠᠨ᠎ᠤ ᠴᠢᠮᠡᠭᠡ᠎ᠶ᠋ᠢ ᠴᠢᠩᠨᠠᠨ᠂ ᠨᠦᠭᠡᠴᠡ᠎ᠪᠠᠨ ᠢᠳᠡᠵᠦ᠍ ᠵᠢᠷᠭᠠᠨ᠎ᠠ᠃ ᠣᠷᠤ᠂ ᠣᠷᠤ᠂ ᠰᠠᠢᠨ ᠣᠷᠤ᠃ ᠨᠣᠭᠤᠭ᠎ᠠ ᠴᠠᠭ᠎ᠠ ᠡᠷᠳᠡ ᠭᠠᠷᠪᠠᠯ ᠮᠢᠨᠦ᠍ ᠨᠣᠣᠰᠤ ᠦᠰᠦ ᠴᠤ᠌ ᠡᠷᠳᠡ ᠭᠤᠤᠵᠢᠨ᠎ᠠ᠂ ᠲᠠᠷᠭᠤ ᠳᠡᠪᠡᠬᠡᠷᠡᠭ ᠴᠤ᠌ ᠰᠠᠢᠨ ᠠᠪᠤᠨ᠎ᠠ᠃ ᠡᠪᠡᠳᠴᠢᠨ ᠵᠣᠪᠠᠯᠠᠩ ᠴᠤ᠌ ᠳᠤᠲᠠᠭᠤ ᠢᠷᠡᠨ᠎ᠡ᠃ ᠪᠣᠳᠤᠬᠤ ᠲᠣᠰᠤᠮ ᠪᠠᠶᠠᠷᠯᠠᠵᠤ᠂ ᠣᠷᠤᠬᠤ ᠪᠣᠷᠤᠭᠠᠨ᠎ᠤ ᠳᠤᠮᠳᠠᠭᠤᠷ ᠬᠠᠰᠭᠢᠷᠤᠨ ᠳᠠᠯᠠᠯᠤᠨ ᠬᠦᠶᠦᠮᠡᠷ᠃
ᠠᠭᠢᠭᠠᠳ ᠪᠠᠰᠠ ᠯᠠ ᠴᠠᠰᠤ ᠣᠨᠠᠯ᠎ᠠ᠃ ᠡᠪᠦᠷᠲᠡᠭᠡᠨ ᠨᠤᠭ᠍ᠳᠤᠢᠭ᠍ᠰᠠᠨ ᠬᠤᠯᠠᠨ ᠵᠢᠷᠤᠭ᠎ᠠ᠄
《ᠴᠠᠰᠤ ᠯᠠ ᠣᠷᠤᠭᠠᠴᠢ᠂ ᠪᠣᠷᠤᠭᠠᠨ᠎ᠳᠤ ᠣᠰᠤᠭᠤᠬᠤ ᠶᠤᠮ ᠪᠠᠢᠨ᠎ᠠ》 ᠭᠡᠪᠡ᠃ ᠲᠡᠷᠡ ᠬᠤᠶᠠᠷ ᠪᠣᠯ ᠱᠢᠨᠡᠭᠡᠨ ᠬᠤᠷᠢᠮᠯᠠᠭ᠍ᠰᠠᠨ ᠵᠠᠯᠠᠭᠤ ᠡᠷ᠎ᠡ ᠡᠮ᠎ᠡ ᠶᠤᠮ᠃ ᠡᠭᠦᠷ᠎ᠢᠶᠠᠨ ᠲᠣᠬᠢᠳᠠᠢ ᠵᠠᠰᠠᠭᠠᠳ᠂ ᠱᠢᠨ᠎ᠡ ᠠᠮᠢᠳᠤᠷᠠᠯ᠎ᠢᠶᠠᠨ ᠣᠭ᠍ᠳᠤᠬᠤ ᠭᠡᠵᠦ᠍ ᠴᠡᠭᠡᠵᠢ ᠳᠦᠬᠦᠷᠡᠩ ᠪᠠᠶᠠᠷᠲᠠᠢ᠃ ᠵᠤᠯᠣᠭ᠍ᠰᠠᠨ ᠬᠦᠪᠦᠩ ᠱᠢᠭ ᠨᠡᠪᠰᠡᠭᠡᠷ ᠰᠠᠭᠠᠷᠠᠯ ᠡᠬᠦᠯᠠᠰ ᠤᠭ᠍ᠲᠠᠷᠭᠤᠢ᠎ᠶ᠋ᠢ ᠬᠠᠪᠤᠭᠠᠳ ᠪᠦᠮᠪᠦᠭᠡᠷ᠃ ᠠᠵᠢᠭᠠᠳ ᠪᠠᠢᠬᠤ᠎ᠳᠤ ᠮᠠᠨᠠᠨ ᠮᠡᠳᠦ ᠨᠡᠭᠦᠳᠡᠯᠯᠡᠬᠦ᠌ ᠠᠵᠢ᠃
ᠡᠷ᠎ᠡ ᠬᠤᠯᠠᠨ ᠵᠢᠷᠤᠭ᠎ᠠ ᠠᠮᠠᠷᠠᠭ ᠨᠦᠬᠦᠷ᠎ᠢᠶᠠᠨ ᠡᠩᠭᠦᠷᠡᠢᠯᠡᠨ ᠬᠠᠷᠠᠭᠠᠳ᠄ 《ᠴᠠᠰᠤ ᠬᠠᠶᠠᠯᠠᠬᠤ᠎ᠳᠤ ᠭᠠᠵᠠᠷ᠎ᠠᠴᠠ ᠬᠦᠢᠳᠡᠨ᠎ᠢ ᠰᠤᠷᠤᠨ᠎ᠠ᠃ ᠦᠭᠡᠢ ᠪᠣᠯ ᠪᠣᠷᠤᠭᠠᠯᠠᠴᠢᠬᠠᠬᠤ ᠪᠢᠰᠢ ᠶᠤᠮ ᠦᠦ? ᠪᠣᠷᠤᠭᠠᠨ ᠪᠣᠯ ᠲᠡᠢᠮᠦ᠍ ᠪᠢᠰᠢ᠃ ᠣᠷᠤᠬᠤ᠎ᠳᠤ ᠲᠣᠯᠠᠭᠠᠨᠢ ᠰᠣᠷᠤᠨᠠ᠃ ᠭᠠᠵᠠᠷ ᠬᠦᠢᠳᠡᠷᠡᠴᠢᠬᠡᠬᠦ᠌ ᠪᠢᠰᠢ ᠶᠤᠮ ᠦᠦ? ᠡᠢᠮᠦ᠍ ᠯᠠ ᠢᠯᠭᠠᠭ᠎ᠠ᠎ᠲᠠᠢ ᠪᠠᠢᠳᠠᠭ》 ᠭᠡᠵᠡᠢ᠃
ᠨᠡᠪᠰᠡᠭᠡᠷ ᠰᠠᠭᠠᠷᠠᠯ ᠡᠬᠦᠯᠠᠰᠠᠴᠠ ᠬᠠᠶᠠᠯᠠᠬᠤ ᠴᠠᠰᠤ ᠭᠡᠷ᠎ᠤᠨ ᠣᠷᠤᠢ ᠳᠡᠭᠡᠷ᠎ᠡ᠂ ᠭᠠᠵᠠᠷ ᠳᠡᠭᠡᠷ᠎ᠡ᠂ ᠬᠠᠳᠠᠨ ᠳᠡᠭᠡᠷ᠎ᠡ᠂ ᠡᠪᠡᠰᠤᠨ ᠳᠡᠭᠡᠷ᠎ᠡ ᠁ ᠭᠠᠵᠠᠷ ᠳᠡᠭᠡᠷ᠎ᠡ ᠤᠨᠠᠭ᠍ᠰᠠᠨ ᠪᠦᠬᠦᠨ ᠣᠰᠤ᠃
ᠰᠤᠳᠠᠰᠤ ᠰᠢᠬ ᠵᠢᠵᠢᠭ᠌ᠬᠡᠨ ᠭᠤᠷᠤᠬ᠎ᠠ ᠣᠷᠤᠰᠭᠤᠳᠤ᠄
《ᠪᠢ ᠶᠠᠭᠠᠬᠢᠭᠠᠳ ᠣᠰᠤ ᠪᠣᠯᠴᠢᠬᠠᠭ᠍ᠰᠠᠨ ᠶᠣᠮ?》 ᠭᠡᠵᠦ᠍ ᠯᠠᠪᠰᠠ ᠭᠤᠨᠢᠭ᠍ᠯᠠᠪᠠ᠃ ᠯᠠᠪᠰᠠ ᠪᠢᠰᠢ ᠣᠰᠤ ᠪᠣᠯᠵᠠᠢ᠃ ᠭᠤᠷᠤᠬ᠎ᠠ ᠬᠤᠷᠴᠢᠭᠢᠨᠠᠨ ᠲᠠᠭᠤᠯᠠᠨ ᠣᠷᠤᠰᠭᠤᠳᠠᠭᠠᠨ᠄
《ᠪᠢᠳᠠ ᠣᠷᠤᠰᠤᠨ᠎ᠠ᠂ ᠠᠭᠤᠷᠱᠢᠨᠠ᠃
ᠬᠦᠷᠦᠰᠦᠨ᠎ᠳᠤ ᠱᠢᠮᠡᠳᠦᠨᠡ᠂
ᠡᠪᠡᠰᠤ ᠨᠣᠭᠤᠭ᠎ᠠ ᠪᠤᠯᠵᠤ ᠣᠷᠭᠤᠨ᠎ᠠ
ᠠᠭᠤᠷᠱᠢᠭᠠᠳ
ᠡᠭᠦᠯᠡ ᠴᠤ᠌ ᠪᠤᠯᠤᠨ᠎ᠠ᠃
ᠡᠷᠭᠢᠭᠡᠳ ᠪᠠᠭᠤᠵᠤ ᠢᠷᠡᠨ᠎ᠡ᠃
ᠶᠠᠭᠤᠨᠢ ᠮᠠᠭᠤᠬᠠᠢ ᠶᠤᠮ?》 ᠭᠡᠯᠡ᠃
《ᠲᠡᠢᠮᠦ᠍ ᠦᠦ?》 ᠲᠡᠳᠡ ᠪᠠᠶᠠᠷᠯᠠᠵᠠᠢ᠃ ᠶᠠᠭᠤᠮ᠎ᠠ᠎ᠶ᠋ᠢᠨ ᠤᠴᠢᠷ ᠣᠬᠠᠭ᠎ᠠ᠎ᠨᠢ ᠬᠦᠢᠴᠡᠳ ᠣᠢᠯᠠᠭᠠᠬᠤ᠎ᠳᠤ ᠭᠤᠨᠢᠭ ᠠᠷᠴᠢᠭ᠍ᠳᠠᠳᠠᠭ ᠠᠵᠢ᠃
ᠲᠡᠭ᠌ᠷᠢ ᠬᠤᠷᠮᠤᠢᠠᠴᠠᠪᠠᠨ ᠬᠠᠶᠠᠭᠠᠷᠠᠵᠤ᠂ ᠬᠠᠷᠠᠩᠭᠤᠢᠯᠠᠵᠤ ᠪᠠᠢᠭ᠍ᠰᠠᠨ ᠭᠡᠷ ᠭᠡᠭᠡᠷᠡᠯᠡ᠃ ᠰᠡᠳᠭᠢᠯ ᠪᠦᠬᠦᠨ ᠠᠭᠤᠵᠢᠷᠠᠭᠠᠳ ᠶᠠᠪᠣᠴᠢᠬᠠᠪᠠ᠃
《ᠠ ᠳ᠋ᠠ᠂ ᠰᠠᠢᠬᠠᠨ ᠴᠢᠭᠢᠭ ᠬᠠᠢᠷᠠᠯᠠᠯ᠎ᠠ》 ᠭᠡᠵᠦ᠍ ᠬᠦᠮᠦᠨ ᠴᠤ᠌ ᠲᠡᠷᠡ᠂ ᠠᠮᠢᠳᠠᠨ ᠴᠤ᠌ ᠲᠡᠷᠡ ᠲᠣᠳᠤᠷ᠎ᠠ ᠲᠤᠳᠤᠷ᠎ᠠ᠎ᠪᠠᠨ ᠲᠠᠯᠠᠷᠬᠠᠵᠠᠢ᠃
ᠨᠢᠭᠡ ᠡᠳᠦᠷ ᠤᠰᠤᠨ ᠠᠭᠤᠷ ᠬᠡᠤᠬᠡᠳ᠎ᠤᠳ᠎ᠢᠶᠠᠨ ᠭᠠᠵᠠᠷ᠎ᠲᠤ ᠪᠠᠭᠤᠯᠭᠠᠭ᠍ᠰᠠᠨ ᠡᠭᠦᠯᠡ ᠡᠵᠢ ᠣᠭ᠍ᠲᠠᠷᠭᠤᠢ᠎ᠳᠤ ᠰᠠᠭᠠᠳᠠᠪᠠ᠃ ᠴᠠᠩᠭᠡᠷ ᠴᠠᠭᠠᠨ ᠡᠬᠦᠯᠡ ᠪᠦᠯᠦᠭ ᠴᠦᠯᠦᠭ᠄
《ᠬᠡᠣᠬᠡᠳ᠎ᠤᠳ ᠡ! ᠡᠵᠢ᠎ᠳᠡᠭᠡᠨ ᠪᠠᠷ᠎ᠠ᠎ᠪᠠᠨ ᠨᠢᠭᠡ ᠦᠵᠡᠭᠦᠯᠦᠭᠡᠳ ᠠᠯᠢ!》 ᠭᠡᠵᠦ᠍ ᠡᠬᠦᠯᠡ ᠡᠵᠢ ᠬᠠᠰᠭᠢᠷᠤᠯ᠎ᠠ᠃ ᠤᠶᠠᠷᠠᠭᠤᠨ ᠲᠣᠩᠭᠠᠯᠠᠭ ᠳᠠᠭᠤ ᠬᠤᠭᠤᠯᠠᠢ ᠠᠭᠠᠷ ᠵᠦᠰᠦᠨ ᠬᠦᠷᠦᠰᠦᠨ᠎ᠳᠤ ᠱᠢᠮᠡᠳᠦᠨᠡ᠃ ᠶᠠᠭ ᠯᠠ ᠲᠡᠷᠡ ᠡᠳᠦᠷ᠎ᠤᠨ ᠪᠣᠷᠤᠭᠠᠨ ᠴᠠᠰᠤ ᠰᠢᠬ᠃ ᠦᠷ᠎ᠡ᠎ᠪᠠᠨ ᠰᠠᠨᠠᠬᠤ ᠦᠭᠡᠢ ᠡᠬᠡ᠎ᠶ᠋ᠢᠨ ᠰᠡᠳᠭᠢᠯ ᠭᠡᠵᠦ᠍ ᠬᠠᠮᠢᠭ᠎ᠠ ᠪᠠᠢᠬᠤ ᠪᠣᠢ᠃
ᠡᠬᠡ ᠭᠠᠵᠠᠷ ᠲᠡᠷᠡ ᠠᠭᠤᠯᠠ᠎ᠶ᠋ᠢᠨ ᠠᠮᠠ᠎ᠪᠠᠷ ᠦᠨᠳᠡᠢᠬᠦ᠌ ᠱᠢᠭ ᠪᠤᠯᠵᠤ᠄
《ᠡᠵᠢ ᠡ! ᠪᠢ ᠠᠳᠡ ᠪᠠᠢᠨ᠎ᠠ》
《ᠪᠢ ᠠᠳᠡ ᠪᠠᠢᠨ᠎ᠠ!》
《ᠡᠵᠢ ᠡ! ᠲᠠ ᠨᠠᠮᠠᠶ᠋ᠢ ᠦᠵᠡᠪᠡ ᠦᠦ? ᠪᠢ ᠲᠠᠨ ᠣᠷᠤᠭᠤ ᠳᠠᠯᠠᠯᠵᠤ ᠪᠠᠢᠨ᠎ᠠ᠃ ᠨᠠᠭᠠᠰᠢ᠎ᠪᠠᠨ ᠬᠠᠷ᠎ᠠ!》
《ᠡᠵᠢ ᠡ! ᠪᠢ ᠲᠠᠨ᠎ᠢ ᠣᠯᠤᠭᠠᠳ ᠦᠵᠡᠴᠢᠬᠡᠯ᠎ᠡ》 ᠭᠡᠵᠦ᠍ ᠬᠠᠰᠭᠢᠷᠬᠤ ᠳᠠᠭᠤ ᠬᠦᠷᠦᠰᠦᠨ ᠳᠡᠭᠡᠷ᠎ᠡ ᠳᠡᠪᠡᠷᠡᠭ᠌ᠰᠡᠨ ᠲᠣᠭᠤᠭ᠎ᠠ ᠱᠢᠭ᠋ ᠪᠣᠴᠠᠯᠵᠠᠢ᠃
ᠵᠠᠷᠢᠮ᠎ᠨᠢ ᠨᠠᠪᠴᠢᠨ ᠳᠤᠳᠤᠷ᠎ᠠ᠎ᠠᠴᠠ ᠲᠣᠣᠭᠠᠷᠤᠨᠠ᠂ ᠲᠡᠳᠡ ᠨᠠᠪᠴᠢ ᠪᠣᠯᠵᠠᠢ᠃ ᠵᠠᠷᠢᠮ᠎ᠨᠢ ᠴᠡᠴᠡᠭ᠎ᠠᠴᠠ᠂ ᠲᠡᠳᠡ ᠴᠡᠴᠡᠭ ᠪᠣᠯᠵᠠᠢ᠃ ᠵᠠᠷᠢᠮ᠎ᠨᠢ ᠠᠮᠢᠳᠠᠨ᠎ᠤ ᠠᠮᠠ᠎ᠠᠴᠠ᠂ ᠲᠡᠳᠡ ᠱᠢᠯᠦᠰᠦ ᠪᠣᠯᠵᠠᠢ᠃ ᠵᠠᠷᠢᠮ᠎ᠨᠢ ᠬᠦᠷᠦᠰᠦᠨ᠎ᠠᠴᠠ᠂ ᠲᠡᠳᠡ ᠱᠢᠮ᠎ᠡ ᠪᠣᠯᠵᠠᠢ᠃ ᠵᠠᠷᠢᠮ᠎ᠨᠢ ᠡᠬᠦᠯᠡ᠎ᠠᠴᠠ᠂ ᠲᠡᠳᠡ ᠡᠭᠦᠯᠡ ᠪᠣᠯᠵᠠᠢ᠃ ᠵᠠᠷᠢᠮ᠎ᠨᠢ ᠭᠤᠣᠯ᠎ᠠᠴᠠ᠂ ᠲᠡᠳᠡ ᠣᠰᠤ ᠪᠣᠯᠵᠠᠢ᠃ ᠵᠠᠷᠢᠮ᠎ᠨᠢ ᠬᠤᠷᠭᠤᠯ᠎ᠠᠴᠠ᠂ ᠲᠡᠳᠡ ᠬᠤᠷᠭᠤᠯ ᠪᠣᠯᠵᠠᠢ᠃
《ᠬᠡᠣᠬᠡᠳ᠎ᠤᠳ ᠡ! ᠡᠵᠢ᠎ᠨᠢ ᠰᠣᠨᠣᠰᠤᠯ᠎ᠠ᠂ ᠪᠠᠶᠠᠷᠯᠠᠯ᠎ᠠ》
ᠡᠭᠦᠯᠡ ᠡᠵᠢ ᠠᠶᠠᠷᠬᠠᠨ ᠨᠡᠭᠦᠳᠡᠯᠯᠡᠨ᠎ᠡ᠃ ᠬᠡᠣᠬᠡᠳ᠎ᠤᠨ᠎ᠢᠶᠠᠨ ᠳᠠᠭᠤ᠎ᠶ᠋ᠢ ᠰᠣᠨᠣᠰᠣᠭ᠍ᠰᠠᠨ ᠡᠵᠢ ᠪᠦᠬᠦᠨ ᠲᠣᠭ᠍ᠳᠣᠯᠬᠤ ᠦᠭᠡᠢ ᠶᠠᠭᠠᠬᠢᠵᠦ᠍ ᠴᠢᠳᠠᠨ᠎ᠠ ᠪᠣᠢ᠃ ᠡᠩᠭᠡᠷ ᠲᠦᠬᠦᠷᠡᠩ ᠨᠢᠯᠪᠣᠰᠤ᠎ᠲᠠᠢ᠃