ᠰᠡᠳᠭᠢᠯ ᠭᠡᠳᠡᠭ
ᠲᠤᠮᠤᠬᠠᠨ ᠨᠠᠭᠤᠷ᠎ᠤᠨ ᠳᠡᠭᠡᠷ᠎ᠡ
ᠲᠤᠷᠮᠤᠢᠵᠤ ᠰᠠᠭᠤᠭ᠍ᠰᠠᠨ ᠠᠩᠬᠢᠷ ᠬᠤᠨ ᠮᠢᠨᠢ
ᠦᠯᠦ᠍ ᠲᠠᠭᠤᠰᠤᠭ᠍ᠴᠢ ᠡᠳᠦᠷ ᠬᠤᠨᠤᠭ᠎ᠤᠨ
ᠠᠯᠳᠠᠩᠬᠠᠨ ᠵᠠᠢ —
ᠮᠢᠨᠦᠬᠢ ᠭᠡᠰᠡᠨ ᠤᠷᠤᠨ ᠲᠡᠯᠡᠭᠡᠢ᠎ᠶ᠋ᠢ
ᠴᠢᠮᠡᠭ᠌ᠯᠡᠵᠦ᠍ ᠪᠦᠵᠢᠭ᠌ᠰᠡᠨ ᠬᠦᠭᠡᠷᠦᠬᠦᠨ ᠠᠨᠴᠢᠯ ᠮᠢᠨᠢ
ᠪᠢ ᠴᠢᠮᠠᠶ᠋ᠢ
ᠪᠤᠳᠤᠳᠠᠭ᠂ ᠰᠠᠨᠠᠳᠠᠭ
ᠵᠡᠬᠦᠳᠦᠨ᠎ᠳᠡᠭᠡᠨ ᠴᠦ᠍ ᠡᠷᠢᠳᠡᠭ
ᠪᠢ ᠴᠢᠮᠠᠶ᠋ᠢ
ᠦᠬᠦᠭᠡᠷᠳᠡᠳᠡᠭ᠂ ᠲᠡᠪᠡᠷᠢᠳᠡᠭ
ᠦᠷᠦᠴᠡᠨ᠎ᠠᠴᠠ ᠲᠠᠳᠠᠯᠳᠤᠳᠠᠭ
ᠪᠢ ᠴᠢᠮᠠᠶ᠋ᠢ
ᠬᠦᠳᠦᠯᠳᠡᠭ᠂ ᠨᠠᠭᠠᠳᠤᠳᠠᠭ
ᠵᠢᠷᠦᠭᠡᠨ᠎ᠠᠴᠠ᠎ᠪᠠᠨ ᠤᠭᠤᠰᠤᠷᠯᠠᠳᠠᠭ
ᠦᠷ᠎ᠡ᠎ᠳᠤ ᠮᠢᠨᠢ ᠦᠷ᠎ᠡ ᠪᠤᠯᠤᠭ᠍ᠰᠠᠨ
ᠦᠨᠳᠦᠰᠤ ᠶᠠᠰᠤᠨ᠎ᠤ ᠦᠷᠬᠦᠯᠵᠢᠯᠡᠯ ᠮᠢᠨᠢ
ᠦᠨᠢᠷ ᠪᠦᠯᠢ᠎ᠳᠤ ᠵᠢᠷᠭᠠᠯ ᠨᠡᠮᠡᠭ᠌ᠰᠡᠨ
ᠡᠷᠭᠡ ᠴᠠᠭᠠᠨ ᠬᠤᠨ ᠮᠢᠨᠢ