ᠢᠷᠠᠭᠤ ᠨᠠᠢᠷᠠᠭ᠎ᠤᠨ ᠨᠢᠳᠦᠨ᠎ᠳᠤ
2026-07-15 11:46:42
ᠵᠣᠬᠢᠶᠠᠭ᠍ᠴᠢ᠄
ᠰ᠊·ᠪᠦᠬᠡᠴᠢᠯᠠᠭᠤ
ᠣᠩᠱᠢᠭ᠍ᠰᠠᠨ ᠣᠳᠠᠭ᠎ᠠ᠄
★★★☆☆

ᠢᠨᠢᠶᠡᠵᠦ᠍ ᠲᠡᠯᠭᠡᠷᠡᠬᠦ᠌ ᠴᠡᠴᠡᠭ

ᠢᠷᠠᠭᠤ ᠨᠠᠢᠷᠠᠭ᠎ᠤᠨ ᠨᠢᠳᠦᠨ᠎ᠳᠤ

ᠢᠨᠠᠭ᠎ᠤᠨ ᠨᠢᠭᠤᠴᠠ᠎ᠪᠠᠨ ᠱᠢᠪᠡᠨᠡᠭ᠌ᠰᠡᠨ

ᠢᠯᠳᠡᠮᠬᠠᠨ ᠬᠤᠩᠭᠤᠷ ᠪᠦᠰᠡᠬᠦᠢ




ᠰᠠᠯᠭᠢ᠎ᠪᠠᠨ ᠦᠨᠦᠰᠦᠭ᠌ᠰᠡᠨ ᠲᠠᠯ᠎ᠠ

ᠢᠷᠠᠭᠤ ᠨᠠᠢᠷᠠᠭ᠎ᠤᠨ ᠨᠢᠳᠦᠨ᠎ᠳᠤ

ᠰᠤᠯᠤᠩᠭ᠎ᠠ᠎ᠶ᠋ᠢᠨ ᠦᠩᠭᠡ᠎ᠪᠠᠷ ᠰᠠᠴᠤᠷᠠᠭ᠍ᠰᠠᠨ

ᠰᠤᠳᠤᠷ᠎ᠤᠨ ᠠᠯᠳᠠᠨ ᠬᠠᠭᠤᠳᠠᠰᠤ




ᠶᠡᠭᠡ ᠭᠤᠪᠢ᠎ᠶ᠋ᠢᠨ ᠴᠡᠩᠭᠡᠷ

ᠢᠷᠠᠭᠤ ᠨᠠᠢᠷᠠᠭ᠎ᠤᠨ ᠨᠢᠳᠦᠨ᠎ᠳᠤ

ᠦᠭᠡᠳᠡ᠎ᠠᠴᠠ ᠦᠤᠷᠰᠡᠵᠦ᠍ ᠠᠢᠰᠤᠢ

ᠤᠩᠭᠤᠨ ᠴᠠᠭᠠᠨ ᠠᠳᠤᠭᠤ




ᠵᠢᠬᠦᠷ᠎ᠢᠶᠠᠨ ᠲᠡᠯᠭᠡᠭ᠌ᠰᠡᠨ ᠵᠠᠮ

ᠢᠷᠠᠭᠤ ᠨᠠᠢᠷᠠᠭ᠎ᠤᠨ ᠨᠢᠳᠦᠨ᠎ᠳᠤ

ᠵᠠᠢᠳᠠᠯᠠᠵᠦ᠍ ᠲᠠᠪᠭᠢᠭᠤᠯᠤᠭ᠍ᠰᠠᠨ ᠬᠦᠮᠦᠰ᠎ᠤᠨ

ᠮᠦᠷᠦᠭᠡᠳᠦᠯ᠎ᠤᠨ ᠲᠡᠷᠭᠡᠯ ᠰᠠᠷᠠᠨ




ᠬᠦᠷᠡᠩ ᠪᠤᠰᠤᠭ᠎ᠠ ᠠᠭᠤᠯᠠᠰ

ᠢᠷᠠᠭᠤ ᠨᠠᠢᠷᠠᠭ᠎ᠤᠨ ᠨᠢᠳᠦᠨ᠎ᠳᠤ

ᠭᠡᠵᠢᠶᠡᠳᠡ ᠬᠤᠪᠢᠷᠠᠬᠤ ᠦᠭᠡᠢ

ᠭᠡᠨ ᠨᠢᠭᠡᠨ᠎ᠤ ᠲᠠᠩᠭᠠᠷᠢᠭ




ᠨᠠᠪᠴᠢᠨ᠎ᠳᠤ ᠡᠷᠭᠡᠯᠡᠬᠦ᠌ ᠱᠢᠬᠦᠳᠡᠷᠢ

ᠢᠷᠠᠭᠤ ᠨᠠᠢᠷᠠᠭ᠎ᠤᠨ ᠨᠢᠳᠦᠨ᠎ᠳᠤ

ᠡᠵᠢ᠎ᠶ᠋ᠢᠨ ᠰᠦᠵᠢᠭ ᠱᠢᠩᠭᠡᠭ᠌ᠰᠡᠨ

ᠰᠦᠨ ᠰᠠᠴᠤᠯᠢ᠎ᠶ᠋ᠢᠨ ᠲᠤᠰᠤᠯ




ᠡᠳᠦᠷ ᠰᠦᠨᠢ ᠬᠤᠶᠠᠷ

ᠢᠷᠠᠭᠤ ᠨᠠᠢᠷᠠᠭ᠎ᠤᠨ ᠨᠢᠳᠦᠨ᠎ᠳᠤ

ᠢᠭᠢᠷ᠎ᠡ ᠲᠦᠷᠦᠭ᠌ᠰᠡᠨ

ᠬᠠᠷ᠎ᠠ ᠴᠠᠭᠠᠨ ᠬᠤᠷᠠᠭ᠎ᠠ ᠡ!


ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号