ᠠᠪᠤ ᠨᠡᠭᠦᠳᠡᠯ ᠬᠣᠶᠠᠷ
2026-07-15 11:52:23
ᠵᠣᠬᠢᠶᠠᠭ᠍ᠴᠢ᠄
ᠪᠣᠷᠵᠢᠭᠢᠨ ᠬᠣᠪᠢᠰᠬᠠᠯᠲᠣ
ᠣᠩᠱᠢᠭ᠍ᠰᠠᠨ ᠣᠳᠠᠭ᠎ᠠ᠄
★★★☆☆

ᠴᠡᠴᠡᠭ ᠴᠢᠯᠠᠭᠤᠨ᠎ᠤ ᠴᠢᠨᠢ ᠥᠩᠭᠡ᠎ᠪᠡᠷ

ᠴᠠᠯᠭᠢᠵᠤ ᠬᠠᠯᠭᠢᠵᠤ ᠨᠡᠭᠦᠳᠡᠯ ᠢᠷᠡᠭᠰᠡᠨ ᠪᠣᠯᠬᠣᠷ

ᠳᠡᠪᠡᠯ᠎ᠦᠨ ᠴᠢᠨᠢ ᠬᠣᠷᠮᠣᠢ᠎ᠳᠤ

ᠪᠦᠯᠢᠶᠡᠰᠴᠦ᠍ ᠬᠣᠨᠣᠭᠰᠠᠨ ᠰᠠᠯᠬᠢ

ᠰᠢᠪᠠᠭᠤᠨ᠎ᠤ ᠬᠣᠶ᠋ᠢᠨ᠎ᠠ᠎ᠠᠴᠠ ᠨᠢᠰᠬᠦ᠌᠎ᠶᠢ ᠭᠣᠷᠢᠳᠠᠬᠤ᠎ᠳᠠᠭᠠᠨ

ᠰᠠᠨᠠᠭ᠎ᠠ ᠠᠯᠭᠠᠰᠠᠨ ᠵᠦᠰᠡᠷᠡᠩᠬᠡᠨ ᠣᠬᠢᠯᠠᠭᠰᠠᠨ ᠭᠡᠳᠡᠭ

ᠦᠨᠡᠨ ᠤᠤ? ᠠᠪᠤ ᠡ!

ᠲᠠᠯ᠎ᠠ ᠪᠢᠳᠡ ᠬᠣᠶᠠᠷ

ᠲᠡᠭᠷᠢ᠎ᠪᠡᠨ ᠰᠢᠷᠲᠡᠨ ᠮᠡᠯᠮᠡᠷᠡᠬᠦ᠌᠎ᠳᠦ

ᠰᠠᠨᠠᠭ᠎ᠠ ᠤᠨᠤᠭ᠎ᠠ ᠬᠣᠶᠠᠷ

ᠣᠨ ᠰᠠᠷ᠎ᠠ᠎ᠶᠢᠨ ᠢᠳᠡᠷ ᠬᠦᠷᠡᠩ ᠪᠦᠭᠦᠷᠭᠡᠨ ᠳᠡᠭᠡᠷ᠎ᠡ

ᠡᠭᠦᠯᠡ ᠪᠣᠷᠣᠭ᠎ᠠ᠎ᠪᠠᠨ ᠵᠡᠭᠦᠳᠦᠯᠡᠨ ᠰᠡᠷᠡᠭᠰᠡᠨ

ᠭᠠᠯ᠎ᠤᠨ ᠡᠭᠡᠰᠢᠭᠲᠦ᠍ ᠬᠥᠯᠥᠭ ᠪᠠᠶ᠋ᠢᠵᠤ ᠁

ᠵᠡᠭᠦᠳᠦ ᠦᠨᠡᠨ᠎ᠦ ᠲᠡᠷᠲᠡᠭᠡ᠎ᠡᠴᠡ

ᠠᠭᠤᠯᠠ ᠪᠦᠷᠭᠦᠳ ᠬᠣᠶᠠᠷ᠎ᠤᠨ

ᠳᠣᠮᠣᠭ ᠲᠤᠤᠯᠢ ᠦᠭᠡᠶ᠋ᠢᠯᠡᠨ ᠤᠶᠠᠷᠠᠬᠤ᠎ᠳᠤ

ᠨᠡᠭᠦᠳᠡᠯ ᠠᠪᠤ ᠬᠣᠶᠠᠷ᠎ᠤᠨ ᠪᠠᠷ᠎ᠠ

ᠨᠢᠳᠦᠨ᠎ᠳᠦ ᠪᠠᠭᠲᠠᠬᠤ ᠦᠭᠡᠢ ᠲᠤᠷᠤᠯᠵᠠᠨ᠎ᠠ

ᠨᠡᠭᠦᠬᠦ᠌᠎ᠳᠡᠭᠡᠨ ᠴᠡᠪᠡᠷᠯᠡᠵᠦ᠍ ᠣᠷᠬᠢᠭᠰᠠᠨ

ᠪᠠᠭᠤᠴᠠᠨ᠎ᠤ ᠭᠠᠵᠠᠷ᠎ᠤᠨ ᠨᠡᠷ᠎ᠡ᠎ᠶᠢ

ᠲᠠᠭᠠᠵᠤ ᠮᠡᠳᠡᠬᠦ᠌ ᠦᠭᠡᠢ ᠠᠯᠮᠠᠶ᠋ᠢᠷᠠᠬᠤ᠎ᠳᠤ

ᠲᠠᠭᠠᠨ᠎ᠠ ᠮᠠᠩᠭᠢᠷ᠎ᠤᠨ ᠬᠢᠨᠢ ᠦᠨᠦᠷ

ᠲᠠᠨᠢᠯᠬᠠᠨ᠂ ᠬᠠᠮᠠᠷ ᠴᠣᠷᠭᠢᠬᠤ᠎ᠪᠡᠷ

ᠰᠡᠷᠡᠯ ᠮᠡᠳᠡᠷᠡᠮᠵᠢ᠎ᠶᠢᠨ ᠬᠣᠪᠲᠣᠯ ᠤᠷᠤᠭᠤ

ᠰᠦ ᠲᠡᠢ ᠴᠠᠢ ᠳᠠᠷᠭᠢᠯᠤᠨ᠎ᠠ

ᠲᠠᠪᠢᠭᠠᠯ ᠰᠣᠷᠭᠣᠭ ᠪᠡᠯᠴᠢᠭᠡᠷ᠎ᠲᠦ᠍

ᠮᠠᠯ ᠰᠦᠷᠦᠭ᠎ᠦᠨ ᠪᠠᠷ᠎ᠠ ᠲᠠᠶ᠋ᠢᠪᠤᠩᠬᠠᠨ ᠨᠠᠯᠠᠶ᠋ᠢᠬᠤ᠎ᠪᠠᠷ

ᠨᠤᠲᠤᠭ ᠡᠵᠡᠨ ᠬᠣᠶᠠᠷ᠎ᠤᠨ ᠰᠠᠨᠠᠭ᠎ᠠ

ᠲᠡᠭᠷᠢ ᠭᠠᠵᠠᠷ᠎ᠢᠶᠠᠨ ᠲᠡᠯᠡᠨ ᠢᠷᠠᠭᠤᠰᠬᠤ᠎ᠳᠤ

ᠲᠡᠰᠪᠦᠷᠢ ᠲᠡᠪᠴᠢᠶᠡᠷᠢ᠎ᠶᠢᠨ ᠢᠳᠡ

ᠨᠠᠷᠠ ᠳᠠᠭᠠᠭᠰᠠᠨ ᠨᠡᠭᠦᠳᠡᠯ᠎ᠦᠨ

ᠨᠠᠷᠢᠨ ᠵᠦᠷᠢᠭ᠎ᠦᠨ ᠳᠠᠮᠵᠢᠨ ᠬᠣᠴᠣᠷᠤᠭᠰᠠᠨ

ᠳᠤᠷᠠᠳᠬᠠᠯ ᠮᠥᠷᠥᠭᠡᠳᠦᠯ᠎ᠦᠨ ᠴᠣᠮᠣᠭ᠎ᠠᠴᠠ

ᠪᠤᠭᠤᠷᠤᠯ ᠠᠪᠤ᠎ᠪᠠᠨ ᠦᠭᠡᠶ᠋ᠢᠯᠡᠬᠦ᠌᠎ᠳᠦ

ᠦᠨᠳᠦᠷ ᠭᠠᠵᠠᠷ᠎ᠤᠨ ᠪᠦᠯᠢᠶᠡᠨ ᠡᠭᠡᠪᠦᠷ

ᠨᠢᠯᠪᠤᠰᠤᠨ᠎ᠳᠤ ᠬᠠᠴᠢᠷᠯᠠᠨ ᠪᠦᠷᠦᠯᠵᠡᠨ᠎ᠡ

ᠠᠪᠤ ᠨᠡᠭᠦᠳᠡᠯ ᠬᠤᠶᠠᠷ

ᠵᠢᠷᠦᠬᠡᠨ᠎ᠦ ᠲᠣᠯᠲᠤᠨ᠎ᠳᠤ ᠭᠡᠷᠡᠯᠲᠦᠭᠰᠡᠨ

ᠵᠢᠪᠬᠤᠯᠠᠩ ᠲᠡᠭᠦᠯᠳᠡᠷ ᠣᠷᠴᠢᠯᠠᠩ᠎ᠤᠨ

ᠵᠣᠷᠢᠭ ᠵᠢᠷᠤᠮ ᠬᠣᠶᠠᠷ᠎ᠤᠨ

ᠵᠦᠩ ᠪᠢᠯᠢᠭᠲᠦ᠍ ᠵᠢᠷᠤᠬᠠᠢ

ᠭᠠᠷ᠎ᠠᠴᠠ᠎ᠪᠠᠨ ᠰᠠᠯᠭᠠᠨ ᠬᠠᠶᠠᠵᠤ ᠪᠣᠯᠣᠰᠢ ᠦᠭᠡᠢ

ᠭᠠᠶ᠋ᠢᠬᠠᠮᠰᠢᠭ᠎ᠤᠨ ᠢᠯᠡ ᠲᠣᠪᠴᠢᠶᠠᠨ

ᠪᠢ ᠪᠢᠳᠡᠨ᠎ᠦ ᠮᠥᠷᠳᠡᠵᠦ᠍ ᠶᠠᠪᠤᠬᠤ

ᠪᠢᠯᠢᠭᠦᠨ ᠤᠬᠠᠭᠠᠨ᠎ᠤ ᠠᠯᠲᠠᠨ ᠬᠠᠷᠭᠤᠢ᠎ᠠᠴᠠ

ᠳᠡᠯᠭᠡᠵᠦ᠍ ᠳᠡᠯᠭᠡᠷᠡᠵᠦ᠍ ᠬᠦᠷᠲᠡᠬᠦ᠌

ᠲᠡᠭᠷᠢᠯᠢᠭ ᠵᠠᠬᠢᠶ᠎ᠠ ᠲᠠᠢ ᠨᠢᠭᠤᠴᠠ ᠲᠠᠷᠨᠢ

ᠬᠠᠲᠠᠭᠤ᠎ᠶᠢ ᠵᠥᠭᠡᠯᠡᠯᠡᠵᠦ᠍

ᠬᠣᠷᠸ᠎ᠠ᠎ᠶᠢᠨ ᠡᠭᠡᠳᠡᠷᠡᠭᠡᠨ᠎ᠢ ᠲᠠᠶ᠋ᠢᠯᠤᠨ

ᠶᠡᠬᠡ ᠬᠣᠯᠠ᠎ᠠᠴᠠ ᠢᠷᠡᠭᠰᠡᠨ ᠨᠡᠭᠦᠳᠡᠯ᠎ᠢᠶᠡᠨ

ᠠᠪᠤ᠎ᠶᠢᠨ᠎ᠢᠶᠡᠨ ᠭᠠᠷ᠎ᠠᠴᠠ ᠵᠠᠯᠭᠠᠭᠰᠠᠨ

ᠠᠴᠢ ᠬᠠᠭᠤᠴᠢ᠎ᠶᠢ ᠨᠢ ᠥᠨᠥ ᠪᠣᠯᠲᠠᠯ᠎ᠠ

ᠳᠤᠷᠠᠰᠤᠨ ᠴᠡᠭᠡᠵᠢᠯᠡᠵᠦ᠍ ᠤᠬᠠᠭᠠᠷᠠᠬᠤ᠎ᠳᠠᠭᠠᠨ

ᠠᠪᠤ ᠨᠡᠭᠦᠳᠡᠯ ᠬᠣᠶᠠᠷ᠎ᠤᠨ ᠪᠠᠷ᠎ᠠ᠎ᠶᠢ

ᠰᠡᠳᠬᠢᠯ᠎ᠳᠡᠭᠡᠨ ᠲᠡᠭᠡᠭᠡᠭᠰᠡᠨ

ᠨᠤᠲᠤᠭ ᠡᠵᠡᠨ ᠬᠣᠶᠠᠷ᠎ᠤᠨ ᠴᠡᠴᠡᠨ ᠬᠠᠷᠠᠭ᠎ᠠ

ᠰᠢᠯᠦᠭ ᠰᠡᠳᠬᠢᠯ᠎ᠦᠨ ᠰᠢᠪᠰᠢᠯᠭᠡ ᠲᠡᠢ

ᠪᠤᠶᠠᠨ ᠵᠠᠶᠠᠭ᠎ᠠ ᠬᠣᠶᠠᠷ ᠮᠢᠨᠢ ᠡ᠃


ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号