ᠰᠦᠨᠢ᠎ᠶᠢᠨ ᠪᠣᠳᠤᠯ
2026-07-15 11:51:05
ᠵᠣᠬᠢᠶᠠᠭ᠍ᠴᠢ᠄
ᠵᠢᠷᠭᠣᠭᠠᠲᠠᠢ ᠣᠯᠠᠭᠠᠨᠲᠣᠶᠠᠭ᠎ᠠ
ᠣᠩᠱᠢᠭ᠍ᠰᠠᠨ ᠣᠳᠠᠭ᠎ᠠ᠄
★★★☆☆

ᠬᠥᠭ᠎ᠢᠶᠠᠨ ᠠᠯᠳᠠᠭᠰᠠᠨ ᠬᠦᠢᠲᠡᠨ ᠰᠠᠯᠬᠢ ᠦᠳᠡᠰᠢ᠎ᠶᠢᠨ ᠪᠦᠷᠦᠢ᠎ᠳᠤ ᠰᠡᠩᠭᠢᠨᠡᠨ

ᠬᠡᠶ᠋ᠢᠳ᠎ᠤᠨ ᠬᠣᠩᠬᠣᠨ ᠳᠠᠭᠤᠨ᠎ᠳᠤ ᠭᠠᠨᠢᠬᠠᠷᠠᠭᠰᠠᠨ ᠪᠣᠳᠤᠯ ᠭᠡᠨᠡᠳᠲᠡ ᠰᠡᠮᠡᠷᠡᠭᠡᠳ

ᠵᠣᠭᠤᠭᠳᠠᠵᠤ ᠬᠠᠨᠤᠭ᠎ᠠ ᠦᠭᠡᠢ ᠶᠠᠷᠢᠶ᠎ᠠ᠎ᠪᠠᠨ ᠠᠶᠠᠷᠬᠠᠨ ᠲᠡᠭᠦᠰᠭᠡᠵᠦ᠍

ᠵᠤᠭᠠᠯᠠᠵᠤ ᠶᠠᠪᠤᠭᠰᠠᠨ ᠵᠤᠨ᠎ᠤ ᠰᠦᠨᠢ᠎ᠶᠢᠨ ᠭᠡᠷᠡᠯᠲᠦ᠍ ᠮᠦᠴᠡ᠎ᠪᠠᠨ ᠳᠤᠷᠠᠰᠴᠤ᠌ ᠴᠢᠮᠠᠶ᠋ᠢ ᠦᠭᠡᠶ᠋ᠢᠯᠡᠨᠡᠮ




ᠠᠷᠢᠬᠢᠨ ᠬᠤᠨᠳᠠᠭ᠎ᠠ ᠲᠤᠯᠭᠠᠵᠤ ᠨᠠᠶ᠋ᠢᠷᠯᠠᠵᠤ ᠠᠮᠵᠢᠭ᠎ᠠ ᠦᠭᠡᠢ

ᠠᠬᠢᠭᠠᠳ ᠪᠢᠳᠡ ᠬᠣᠶᠠᠷ ᠪᠣᠯᠵᠤᠭᠠᠨ᠎ᠳᠠᠭᠠᠨ ᠣᠴᠢᠬᠤ ᠦᠭᠡᠢ

ᠠᠷᠤ᠎ᠠᠴᠠ ᠴᠢᠨᠢ ᠬᠠᠷᠠᠵᠤ ᠮᠡᠯᠮᠡᠷᠡᠨ ᠤᠳᠠᠬᠤ᠎ᠳ᠋ᠠᠭᠠᠨ

ᠠᠭᠠᠵᠢᠮᠬᠠᠨ ᠰᠢᠪᠡᠨᠡᠭᠰᠡᠨ ᠰᠡᠳᠭᠢᠯ᠎ᠤᠨ ᠭᠤᠨᠢᠭ᠎ᠢᠶᠠᠨ ᠰᠠᠷᠠᠨ᠎ᠤ ᠭᠡᠷᠡᠯ᠎ᠳᠤ ᠠᠷᠭᠠᠳᠠᠭᠰᠠᠨ ᠶᠤᠮ




ᠡᠮᠵᠡᠭ ᠲᠣᠷᠢᠬᠠᠨ ᠰᠡᠳᠭᠢᠯ᠎ᠤᠨ ᠮᠢᠨᠢ ᠭᠡᠨᠡᠨ ᠴᠠᠭᠠᠨ᠎ᠢ ᠮᠡᠳᠡᠷᠡᠵᠦ᠍

ᠥᠭᠡᠷ᠎ᠡ ᠬᠡᠥᠬᠡᠨ᠎ᠤ ᠡᠩᠭᠡᠷ᠎ᠲᠤ᠌ ᠴᠢ ᠴᠡᠴᠡᠭ ᠪᠣᠯᠭᠠᠨ ᠪᠡᠯᠡᠭᠯᠡᠭᠰᠡᠨ ᠶᠤᠮ

ᠦᠯᠢᠭᠡᠷ ᠤᠴᠢᠭ᠎ᠤᠨ ᠴᠢᠨᠢ ᠰᠠᠶ᠋ᠢᠬᠠᠨ᠎ᠳᠤ ᠪᠢ ᠦᠩᠭᠡᠷᠡᠦ ᠬᠣᠷᠭᠤᠳᠠᠭ᠎ᠠ ᠦᠭᠡᠢ

ᠡᠷᠪᠡᠬᠡᠢ ᠰᠢᠭ ᠳᠠᠯᠠᠪᠴᠢ᠎ᠪᠠᠨ ᠳᠡᠯᠭᠡᠨ ᠬᠣᠯᠠᠬᠠᠨ ᠨᠢᠰᠦᠭᠰᠡᠨ ᠶᠤᠮ




ᠰᠣᠯᠢᠷ ᠣᠳᠤ ᠰᠢᠬ ᠭᠢᠯᠠᠰᠭᠢᠨ ᠦᠩᠭᠡᠷᠡᠭᠰᠡᠨ ᠡᠨᠡ ᠯᠠ ᠬᠠᠶ᠋ᠢᠷ᠎ᠠ

ᠰᠡᠮᠬᠡᠨ ᠰᠢᠷᠳᠡᠬᠦ᠌ ᠬᠠᠷᠠᠴᠠᠨ᠎ᠳᠤ ᠴᠢᠨᠢ ᠢᠪᠢᠯᠣᠨ ᠵᠡᠭᠦᠳᠦᠨ᠎ᠳᠤ ᠢᠷᠡᠬᠦ᠌᠎ᠳᠤ

ᠰᠡᠯᠡᠭᠦᠨ ᠰᠦᠨᠢ᠎ᠶᠢᠨ ᠬᠠᠷᠠᠩᠭᠤᠢ᠎ᠶᠢ ᠨᠡᠪᠲᠠ ᠲᠤᠭᠤᠯᠤᠭᠰᠠᠭᠠᠷ

ᠰᠡᠷᠳ᠋ᠬᠢᠨ ᠳᠡᠭᠳᠡᠭᠰᠡᠨ ᠭᠠᠯ᠎ᠤᠨ ᠴᠣᠭ ᠮᠡᠲᠤ᠌ ᠬᠠᠷᠠᠭᠳᠠᠳᠠᠭ ᠶᠤᠮ




ᠡᠩ ᠠᠮᠢᠳᠤᠷᠠᠯ᠎ᠳᠠᠭᠠᠨ ᠣᠶ᠋ᠢᠳᠬᠣ ᠪᠦᠷᠢ ᠴᠢᠮᠠᠶ᠋ᠢ ᠰᠠᠨᠠᠳᠠᠭ

ᠦᠨᠤᠬᠢ ᠬᠠᠯᠠᠭᠤᠨ ᠬᠠᠷᠠᠴᠠ ᠴᠢᠨᠢ ᠵᠢᠷᠤᠬᠡᠨ᠎ᠳᠤ ᠠᠶᠠᠲᠠᠢ ᠳᠤᠰᠤᠨ᠎ᠠ

ᠦᠨᠡᠭᠡᠨ ᠬᠠᠷᠠᠩᠭᠤᠢ᠎ᠳᠤ ᠠᠨᠢᠪᠴᠢᠯᠠᠨ ᠭᠡᠷᠡᠯᠳᠤᠬᠦ᠌ ᠣᠳᠤᠳ᠎ᠢ ᠪᠠᠷᠠᠯᠠᠵᠤ

ᠦᠩᠭᠡᠷᠡᠭᠰᠡᠨ ᠳᠤᠷᠠᠰᠤᠮᠵᠢ᠎ᠪᠠᠨ ᠬᠡᠯᠬᠢᠨ ᠰᠡᠳᠭᠢᠯ ᠰᠡᠷᠭᠦᠵᠦ᠍ ᠰᠠᠭᠤᠬᠤ ᠰᠠᠨ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号