ᠮᠢᠨᠦ᠍ ᠡᠵᠢ ᠲᠠᠤᠯᠠᠢ ᠵᠢᠯ᠎ᠲᠠᠢ᠃
ᠴᠠᠭᠠᠨ ᠪᠠᠷᠰ ᠵᠢᠯ ᠤᠨ ᠬᠠᠪᠣᠷ ᠡᠵᠢ ᠮᠢᠨᠢ ᠰᠠᠨᠠᠵᠤ ᠬᠠᠢᠷᠠᠯᠠᠭ᠍ᠰᠠᠨ ᠡᠨᠡ ᠬᠤᠷᠸᠠᠠᠴᠠᠪᠠᠨ ᠰᠠᠯᠵᠤ ᠶᠠᠳᠠᠨ ᠬᠤᠷᠭᠤᠳᠠᠭ᠍ᠰᠠᠭᠠᠷ ᠶᠢᠷᠲᠢᠨᠴᠦ᠍᠎ᠶ᠋ᠢᠨ ᠤᠯᠠᠭᠠᠨ ᠲᠣᠭᠤᠰᠣᠨ ᠡᠴᠠ ᠠᠶᠠᠷᠯᠠᠭ᠍ᠰᠠᠨ ᠪᠢᠯᠡ᠃ ᠲᠡᠷᠡ ᠡᠳᠦᠷ᠂ ᠮᠠᠨ᠎ᠤ ᠲᠡᠷᠡ ᠬᠦ᠌ ᠵᠢᠵᠢᠭ ᠮᠠᠩᠬᠠᠨ ᠠᠢᠯ᠎ᠳᠤ ᠲᠤᠩ ᠴᠠᠭᠠᠨ ᠴᠠᠰᠤᠨ ᠯᠠᠪᠰᠠ ᠨᠢᠳᠤ ᠨᠡᠭᠡᠭᠡᠮᠡ ᠦᠭᠡᠢ ᠬᠠᠶᠠᠯᠠᠵᠤ᠂ ᠵᠠᠷᠢᠮ᠎ᠳᠠᠭᠠᠨ ᠴᠥᠮ ᠴᠠᠰᠤᠨ ᠳᠡᠪᠢᠰᠭᠡᠷ ᠴᠦ᠍ ᠬᠡᠮᠡᠷ ᠠᠭᠤᠯᠠ᠂ ᠲᠠᠯ᠎ᠠ᠂ ᠮᠣᠳᠣ᠂ ᠬᠥᠮᠦᠨ ᠠᠮᠢᠲᠠᠨ᠂ ᠶᠠᠭᠤ ᠪᠦᠬᠦᠨ᠎ᠤ ᠳᠡᠭᠡᠷ᠎ᠡ ᠴᠢᠮᠡᠭᠡ ᠦᠭᠡᠢᠬᠡᠨ ᠪᠠᠭᠤᠵᠤ ᠯᠠ ᠪᠠᠢᠯ᠎ᠠ᠃ ᠡᠢᠮᠦ᠍ ᠶᠡᠭᠡ ᠴᠠᠰᠤ ᠮᠠᠨ᠎ᠤ ᠠᠢᠯ᠎ᠳᠤ ᠤᠷᠤᠭ᠎ᠠ ᠦᠭᠡᠢ ᠲᠤᠩ ᠣᠯᠠᠨ ᠵᠢᠯ ᠪᠣᠯᠵᠤ ᠪᠠᠢᠨ᠎ᠠ ᠭᠡᠳᠡᠭ᠃ ᠠᠢᠯ᠎ᠤᠨ ᠲᠣᠮᠣᠴᠤᠤᠯ᠎ᠤᠨ ᠬᠡᠯᠡᠬᠦ᠌᠎ᠪᠠᠷ᠂ ᠮᠢᠨᠦ᠍ ᠡᠵᠢ ᠵᠢᠯ᠎ᠢᠶᠠᠨ ᠤᠭ᠍ᠲᠤᠭᠠᠳ ᠨᠤᠲᠤᠭ ᠠᠷᠠᠳ᠎ᠠᠴᠠ᠎ᠪᠠᠨ ᠰᠠᠯᠵᠤ ᠶᠠᠳᠠᠨ ᠮᠥᠷ᠎ᠢᠶᠠᠨ ᠪᠠᠯᠠᠯᠤᠭᠠᠳ ᠶᠠᠪᠤᠯ᠎ᠠ ᠭᠡᠨ᠎ᠡ᠃ ᠪᠣᠶᠠᠨ ᠢᠷᠦᠭᠡᠯ᠎ᠤᠨ ᠤᠯᠠ ᠮᠥᠷ᠎ᠢᠶᠠᠨ ᠨᠤᠲᠤᠭ ᠤᠰᠤᠨ᠎ᠳᠠᠭᠠᠨ᠂ ᠬᠥᠮᠦᠨ ᠠᠷᠠᠳ᠎ᠲᠠᠭᠠᠨ᠂ ᠠᠮᠢᠳᠤᠷᠠᠯ ᠬᠠᠢᠷ᠎ᠠ᠎ᠶ᠋ᠢᠨ ᠬᠠᠷᠭᠤᠶ ᠪᠦᠬᠦᠨ᠎ᠳᠡᠭᠡᠨ ᠦᠯᠡᠳᠡᠭᠡᠨ ᠬᠤᠴᠣᠷᠭᠠᠵᠦ᠍ ᠶᠠᠪᠤᠯ᠎ᠠ ᠭᠡᠳᠡᠭ᠎ᠢ ᠶᠡᠭᠡ ᠲᠩᠷᠢ ᠴᠦ᠍ ᠭᠡᠷᠡᠴᠢᠯᠡᠵᠦ᠍ ᠪᠠᠢᠨᠠᠮ!
ᠪᠣᠷᠬᠠᠨ ᠰᠡᠳᠭᠢᠯᠲᠦ ᠡᠵᠢ ᠮᠢᠨᠢ ᠠᠮᠣᠷᠯᠢᠩᠭᠤᠢ ᠨᠣᠢᠷᠰᠤᠬᠤ ᠪᠣᠯᠲᠤᠭᠠᠶ!
ᠨᠢᠭᠡ
1950 ᠣᠨ᠎ᠤ 5 ᠰᠠᠷ᠎ᠠ᠎ᠶ᠋ᠢᠨ25᠎ᠤ᠋ ᠡᠳᠦᠷ᠃ ᠪᠠᠭ᠎ᠠ ᠰᠤᠷᠭᠠᠭᠤᠯᠢ᠎ᠶ᠋ᠢᠨ ᠲᠠᠪᠤᠳᠤᠭᠠᠷ ᠣᠨ᠎ᠤ 《6.1》 ᠤ᠋ ᠬᠡᠦᠬᠡᠳ᠎ᠤᠨ ᠪᠠᠶᠠᠷ᠎ᠤᠨ ᠡᠳᠦᠷ ᠪᠣᠯᠬᠤ᠎ᠠᠴᠠ ᠡᠮᠦᠨᠡᠭᠡᠨ ᠪᠢ ᠡᠵᠢ ᠡᠴᠡ ᠪᠠᠨ ᠱᠢᠨ᠎ᠡ ᠥᠮᠥᠳᠥ ᠠᠪᠬᠤ ᠭᠡᠳ ᠬᠡᠳᠦᠨ ᠡᠳᠦᠷ ᠵᠢᠭᠤᠷᠨᠬᠤᠳᠤᠨᠢ ᠡᠵᠢ ᠮᠢᠨᠢ ᠡᠳᠦᠷ᠎ᠤᠨ ᠠᠵᠢᠯ᠎ᠢᠶᠠᠨ ᠳᠠᠭᠤᠰᠭᠠᠭᠠᠳ ᠭᠤᠤᠯ᠎ᠨᠢ ᠱᠢᠷᠭᠢᠭ᠌ᠰᠡᠨ ᠲᠣᠰ᠎ᠤᠨ ᠳ᠋ᠧᠩ᠎ᠤᠨ ᠳᠣᠣᠷ᠎ᠠ ᠮᠠᠨ᠎ᠤ ᠭᠡᠷ᠎ᠲᠤ ᠬᠠᠮᠤᠭ᠎ᠠᠴᠠ ᠢᠯᠡ ᠬᠠᠷᠠᠭ᠍ᠳᠠᠬᠤ ᠪᠣᠰᠤᠭ᠎ᠠ ᠪᠦᠳᠦᠴᠡᠲᠦ ᠣᠶᠣᠳᠠᠯ᠎ᠤᠨ ᠮᠠᠱᠢᠨ᠎ᠢᠶᠠᠷ ᠨᠠᠳᠠ᠎ᠳᠤ ᠱᠢᠨ᠎ᠡ ᠥᠮᠥᠳᠥ ᠣᠶᠣᠵᠦ᠍ ᠡᠬᠢᠯᠡᠯ᠎ᠡ᠃ ᠲᠣᠰᠣᠨ ᠳ᠋ᠧᠩ᠎ᠤᠨ ᠰᠦᠮᠡᠯᠵᠡᠭ᠌ᠰᠡᠨ ᠭᠡᠷᠡᠯ ᠬᠠᠷᠠᠭ᠎ᠠ᠎ᠶ᠋ᠢ᠎ᠨᠢ ᠬᠠᠯᠬᠠᠯᠠᠭ᠍ᠰᠠᠨ᠎ᠠᠴᠠ ᠪᠣᠯᠪᠠᠤ? ᠡᠰᠡᠬᠦᠯ᠎ᠡ ᠬᠦᠦ᠍᠎ᠳᠡᠭᠡᠨ ᠡᠷᠲᠡᠬᠡᠨ ᠣᠶᠣᠵᠤ ᠡᠮᠦᠰᠭᠡᠶᠡ ᠬᠡᠮᠡᠨ ᠰᠠᠨᠳᠤᠷᠤᠭ᠍ᠰᠠᠨ᠎ᠠᠴᠠ ᠪᠣᠯᠪᠠᠤ? ᠭᠡᠨᠡᠳᠲᠡ ᠣᠶᠣᠳᠠᠯ ᠤᠨ ᠮᠠᠱᠢᠨ᠎ᠤ 《ᠲᠦᠰ》 ᠭᠡᠬᠦ᠌ ᠳᠠᠭᠤᠨ᠎ᠤ ᠬᠠᠮᠲᠤ ᠡᠵᠢ᠎ᠶ᠋ᠢᠨ ᠮᠢᠨᠢ 《ᠠᠶ᠎ᠠ》 ᠭᠡᠬᠦ᠌ ᠳᠠᠭᠤᠨ ᠬᠠᠨᠵᠤᠨ ᠳᠡᠭᠡᠷ᠎ᠡ ᠳᠠᠰᠭᠠᠯ ᠬᠢᠵᠦ᠍ ᠪᠠᠢᠭ᠍ᠰᠠᠨ ᠮᠢᠨᠦ᠍ ᠪᠦᠬᠦ᠌ ᠠᠩᠬᠠᠷᠣᠯ᠎ᠢ ᠡᠵᠢ᠎ᠶ᠋ᠢᠨ ᠪᠡᠶ᠎ᠡ ᠳᠡᠭᠡᠷ᠎ᠡ ᠱᠢᠯᠵᠢᠭᠦᠯᠬᠦ᠌᠎ᠳᠤ᠂ ᠡᠵᠢ ᠮᠢᠨᠢ ᠪᠠᠷᠠᠭᠤᠨ ᠭᠠᠷ᠎ᠢᠶᠠᠷ᠎ᠢᠶᠠᠨ ᠵᠡᠭᠦᠨ ᠭᠠᠷ᠎ᠤᠨ᠎ᠢᠶᠠᠨ ᠲᠤᠯᠣᠪᠣᠷ ᠬᠤᠷᠤᠭᠤ᠎ᠪᠠᠨ ᠠᠳᠭᠤᠨ ᠪᠣᠰᠴᠤ᠌ ᠵᠣᠭ᠍ᠰᠣᠬᠤ ᠬᠠᠷᠠᠭ᠍ᠲᠠᠯᠠ᠃
ᠴᠢᠰᠤ᠂ ᠭᠠᠯ ᠤᠯᠠᠭᠠᠨ ᠴᠢᠰᠤ!
ᠪᠢ ᠬᠠᠨᠵᠤᠨᠠᠴᠠᠪᠠᠨ ᠬᠤᠷᠳᠤᠨ ᠭᠤᠯᠭᠤᠨ ᠪᠠᠭᠤᠵᠤ ᠣᠴᠢᠭᠠᠳ ᠰᠠᠶᠢ ᠡᠵᠢ᠎ᠶ᠋ᠢᠨ ᠮᠢᠨᠢ ᠵᠡᠭᠦᠨ ᠭᠠᠷᠤᠨ ᠲᠣᠯᠣᠪᠣᠷ ᠬᠤᠷᠤᠭᠠᠨ᠎ᠳᠤ ᠣᠶᠣᠳᠠᠯ᠎ᠤᠨ ᠮᠠᠱᠢᠨ ᠤ ᠲᠠᠮᠦᠷ ᠵᠡᠭᠦᠦ ᠨᠡᠪᠳᠡ ᠬᠠᠳᠭᠤᠨ ᠬᠤᠭᠤᠷᠠᠭᠠᠳ ᠬᠤᠷᠤᠭᠣᠨ ᠤ ᠴᠡᠴᠡᠷᠡᠭᠡᠨ᠎ᠳᠤ ᠲᠡᠮᠦᠷ ᠵᠡᠭᠦᠦ᠍᠎ᠶ᠋ᠢᠨ ᠬᠤᠶᠠᠷ ᠥᠵᠦᠭᠦᠷ ᠴᠦ᠍ ᠲᠤᠰ᠎ᠤᠨ ᠳ᠋ᠧᠩ᠎ᠤᠨ ᠰᠦᠮᠡᠯᠵᠡᠭ᠌ᠰᠡᠨ ᠭᠡᠷᠡᠯᠳᠤ ᠵᠢᠮ᠎ᠡ᠎ᠪᠠᠨ ᠠᠯᠲᠠᠨ ᠴᠡᠴᠡᠷᠬᠢᠯᠡᠵᠦ᠍ ᠪᠠᠢᠭ᠍ᠰᠠᠨ᠎ᠢ ᠠᠵᠢᠶᠠᠷᠠᠵᠣ ᠮᠡᠳᠠᠯᠡ᠃
ᠠᠷᠪᠠᠨ ᠬᠤᠷᠤᠭᠤ ᠠᠮᠢᠨ ᠰᠤᠳᠠᠰᠤ ᠱᠢᠤ ᠳ᠋ᠠ!
ᠣᠶᠣᠳᠠᠯ᠎ᠤᠨ ᠮᠠᠱᠢᠨ᠎ᠤ ᠲᠡᠮᠦᠷ ᠵᠡᠭᠦᠦ ᠡᠵᠢ᠎ᠶ᠋ᠢᠨ ᠮᠢᠨᠢ ᠭᠠᠷᠤᠨ ᠬᠤᠷᠤᠭᠤᠨ᠎ᠳᠤ ᠬᠠᠳᠭᠤᠨ ᠣᠷᠤᠭ᠍ᠰᠠᠨ ᠲᠡᠷᠡ ᠬᠦ᠌ ᠮᠥᠴᠡ᠎ᠠᠴᠠ ᠮᠢᠨᠦ᠍ ᠪᠦᠬᠦ᠌ ᠣᠶᠣᠨ ᠮᠡᠳᠡᠷᠠᠯ ᠴᠤ᠌ ᠲᠡᠮᠦᠷ ᠵᠡᠭᠦᠦ᠍᠎ᠳᠤ ᠡᠵᠡᠮᠱᠢᠭ᠌ᠳᠡᠵᠦ᠍᠂ ᠣᠳᠣ ᠪᠣᠯᠲᠠᠯ᠎ᠠ ᠡᠨᠡ ᠬᠦ᠌ ᠤᠴᠢᠷ᠎ᠢ ᠪᠣᠳᠣᠬᠤ ᠪᠦᠷᠢ ᠵᠢᠷᠦᠬᠡ ᠰᠡᠳᠭᠢᠯ ᠱᠢᠷᠬᠠᠯᠠᠵᠤ᠂ ᠠᠷᠪᠠᠨ ᠬᠤᠷᠤᠭᠤᠨ᠎ᠤ ᠥᠵᠦᠭᠦᠷ ᠥᠪᠡᠷ᠎ᠤᠨ ᠡᠷᠬᠡ ᠦᠭᠡᠢ ᠵᠢᠮᠵᠢᠭᠢᠨᠡᠵᠦ᠍᠂ ᠲᠡᠷᠡ ᠬᠦ᠌ ᠭᠱᠠᠨ᠎ᠳᠤ ᠡᠵᠢ᠎ᠶ᠋ᠢᠨ ᠮᠢᠨᠢ ᠬᠤᠷᠤᠭᠤ ᠶᠠᠭᠠᠬᠢᠵᠤ ᠯᠡ ᠡᠪᠡᠳᠦᠭ᠌ᠰᠡᠨ ᠪᠣᠯ? ᠶᠠᠮᠠᠷᠬᠠᠨ ᠬᠡᠴᠡᠭᠦᠦ ᠰᠥᠰᠥ᠍ ᠵᠣᠷᠢᠭ᠎ᠢᠶᠠᠷ ᠭᠠᠷᠤᠨ ᠬᠤᠷᠤᠭᠤᠨ᠎ᠳᠠᠭᠠᠨ ᠦᠯᠡᠳᠡᠭ᠌ᠰᠡᠨ ᠣᠶᠣᠳᠠᠯ ᠤ᠋ᠨ ᠮᠠᠱᠢᠨ᠎ᠤ ᠬᠤᠭᠤᠷᠬᠠᠶ ᠵᠡᠭᠦᠦ᠍᠎ᠶ᠋ᠢ ᠱᠢᠳᠦ᠍ᠪᠠᠨ ᠵᠠᠭᠤᠵᠤ ᠠᠪᠤᠭ᠍ᠰᠠᠨ ᠪᠣᠯ?ᠭᠡᠵᠦ ᠦᠷᠬᠦᠯᠵᠢ ᠠᠢᠲᠠᠰ ᠬᠦᠷᠦᠨ ᠪᠤᠳᠤᠳᠠᠭ ᠪᠤᠯᠪᠠ᠃ ᠳᠠᠷᠠᠭ᠎ᠠ ᠡᠳᠦᠷ ᠤᠨ ᠬᠢᠨᠢ ᠦᠳᠡ᠎ᠶ᠋ᠢᠨ ᠬᠤᠢᠨ᠎ᠠ ᠪᠢ ᠰᠤᠷᠭᠠᠭᠤᠯᠢ᠎ᠠᠴᠠ᠎ᠪᠠᠨ ᠬᠠᠷᠢᠬᠤ᠎ᠳᠤ ᠡᠵᠢ ᠮᠢᠨᠢ ᠱᠢᠨᠡᠬᠡᠨ ᠣᠶᠣᠭ᠍ᠰᠠᠨ ᠥᠮᠥᠳᠥ᠎ᠶ᠋ᠢ ᠨᠠᠳᠠ ᠳᠤ ᠡᠮᠦᠰᠭᠡᠯᠡ᠃ ᠲᠡᠷᠡ ᠮᠥᠴᠡ᠎ᠳᠤ ᠡᠵᠢ᠎ᠶ᠋ᠢᠨ᠎ᠢᠶᠠᠨ ᠴᠠᠭᠠᠨ ᠪᠣᠭᠤᠯᠲᠠ᠎ᠲᠠᠢ ᠲᠡᠷᠡ ᠬᠤᠷᠤᠭᠤ᠎ᠶ᠋ᠢ ᠬᠠᠷᠠᠬᠤ᠎ᠠᠴᠠ ᠮᠡᠳᠡᠷᠡᠯ᠎ᠤᠨ ᠡᠰ ᠪᠦᠬᠦᠨ ᠲᠤᠭ᠎ᠠ ᠦᠭᠡᠢ ᠣᠯᠠᠨ ᠵᠡᠭᠦᠦ᠍᠎ᠶ᠋ᠢᠨ ᠦᠵᠦᠭᠦᠷ᠎ᠲᠤ ᠬᠠᠳᠭᠤᠭ᠍ᠳᠠᠬᠤ ᠮᠡᠲᠦ ᠱᠢᠨᠠᠯᠣᠨᠠ᠃
ᠡᠵᠢ᠎ᠪᠠᠨ ᠪᠢ ᠢᠩᠭᠢᠵᠦ᠍ ᠨᠢᠭᠡ ᠤᠳᠠᠭ᠎ᠠ ᠱᠢᠷᠬᠠᠯᠠᠭᠤᠯᠤᠭ᠍ᠰᠠᠨ ᠶᠤᠮ᠃
ᠡᠬᠡ᠎ᠶ᠋ᠢᠨ ᠬᠠᠢᠷ᠎ᠠ᠎ᠶ᠋ᠢᠨ ᠠᠭᠤᠣ ᠭᠡᠳᠡᠭ᠎ᠨᠢ ᠡᠭᠦᠨ᠎ᠢ ᠯᠡ ᠬᠡᠯᠡᠳᠡᠭ ᠪᠢᠯᠢᠦ? 《ᠠᠭᠤᠤ ᠶᠡᠭᠡ》 ᠭᠡᠳᠡᠭ᠎ᠨᠢ ᠭᠠᠭ᠍ᠴᠠ ᠬᠦ᠌ ᠦᠷ᠎ᠡ᠎ᠪᠠᠨ ᠭᠡᠬᠦ᠌ ᠡᠵᠢ ᠬᠥᠮᠦᠨ᠎ᠤ ᠥᠷᠥᠪᠴᠢᠬᠡᠨ ᠬᠠᠢᠷᠠᠳᠤ ᠯᠠ ᠵᠣᠬᠢᠴᠠᠭ᠍ᠰᠠᠨ ᠪᠠᠢᠬ᠎ᠠ᠃
ᠮᠢᠨᠦ᠍ ᠡᠵᠢ ᠦᠷ᠎ᠡ᠎ᠪᠠᠨ ᠭᠡᠰᠡᠨ ᠠᠭᠤᠤ ᠶᠡᠭᠡ ᠡᠵᠢ ᠡ!
ᠬᠤᠶᠠᠷ
2001 ᠣᠨ᠎ᠤ 7 ᠰᠠᠷ᠎ᠠ᠎ᠶ᠋ᠢᠨ 18 ᠤ᠋ ᠡᠳᠦᠷ᠃ ᠪᠦᠰᠡᠭᠦᠶ ᠬᠡᠦᠬᠡᠳᠵᠢᠡᠨ ᠲᠠᠭᠠᠭᠤᠯᠤᠨ ᠡᠵᠢ᠎ᠲᠠᠢ᠎ᠪᠠᠨ ᠬᠠᠮᠲᠤ ᠪᠡᠭᠡᠵᠢᠩ ᠤᠷᠤᠭ᠍ᠰᠠᠨ᠃ ᠨᠡᠢᠰᠯᠡᠯ ᠬᠤᠲᠠ᠎ᠶ᠋ᠢᠨ ᠬᠡᠭᠡᠨᠴᠢᠷ ᠲᠠᠭ᠍ᠲᠤ᠂ ᠰᠣᠯᠣᠩᠭᠠᠨ ᠳ᠋ᠧᠩ᠂ ᠬᠥᠭ᠌ᠵᠢᠶᠡᠨ ᠨᠠᠷᠭᠢᠶᠠᠨᠲᠤ ᠵᠡᠭᠡᠯᠢ ᠭᠤᠳᠤᠮᠵᠢ᠎ᠨᠢ ᠡᠵᠢ᠎ᠶ᠋ᠢᠨ ᠮᠢᠨᠢ ᠠᠩᠬᠠᠷᠣᠯ᠎ᠢ ᠲᠡᠳᠦᠶ ᠴᠦ᠍ ᠲᠠᠲᠠᠵᠤ ᠳᠡᠢᠯᠦᠭᠡ ᠦᠬᠡᠢ ᠴᠦ᠍ ᠠᠤᠭ᠎ᠠ ᠰᠦᠷᠯᠢᠭ ᠲᠢᠶᠠᠨ ᠠᠨ ᠮᠧᠨ ᠠᠰᠠᠷ᠂ ᠪᠣᠷᠣ ᠬᠦᠷᠢᠶᠡᠲᠦ ᠬᠠᠭᠠᠨ᠎ᠤ ᠣᠷᠳᠣᠨ᠎ᠨᠢ ᠪᠤᠭᠤᠷᠤᠯ ᠡᠵᠢ᠎ᠶ᠋ᠢᠨ ᠮᠢᠨᠢ ᠰᠡᠳᠭᠢᠯ᠎ᠤᠨ ᠪᠠᠭᠤᠴᠠᠶ᠋ᠢᠨᠢ ᠡᠵᠡᠮᠳᠡᠭ᠌ᠰᠡᠨ᠎ᠨᠢ ᠢᠯᠡᠷᠬᠡᠶ ᠪᠠᠢᠯ᠎ᠠ᠃
ᠲᠢᠶᠠᠨ ᠠᠨ ᠮᠧᠨ ᠠᠰᠠᠷ᠎ᠲᠠᠢ ᠵᠢᠷᠤᠭ ᠨᠢᠭᠡ ᠲᠠᠲᠠᠶ᠎ᠠ!
ᠡᠵᠢ᠎ᠶ᠋ᠢᠨ ᠮᠢᠨᠢ ᠪᠠᠶᠠᠰᠤᠯ ᠲᠤᠭᠳᠤᠯᠤᠯ ᠮᠢᠩᠭᠠᠨ ᠥᠷᠴᠢᠯᠡᠭᠡᠰᠦᠲᠠᠢ ᠬᠠᠴᠠᠷᠲᠤ᠎ᠨᠢ ᠲᠣᠳᠣᠬᠠᠨ᠃
ᠡᠷᠲᠡᠨ᠎ᠳᠡᠭᠡᠨ ᠬᠠᠭᠠᠨ ᠡᠵᠡᠨ ᠰᠠᠶᠢ ᠶᠠᠪᠤᠵᠤ ᠪᠣᠯᠳᠠᠭ ᠡᠭᠦᠳᠡ ᠪᠠᠢᠭ᠍ᠰᠠᠨ ᠭᠡᠵᠦ᠍ ᠡᠵᠢ ᠮᠢᠨᠢ ᠬᠠᠭᠠᠨ᠎ᠤ ᠣᠷᠳᠣᠨ᠎ᠤ ᠬᠤᠶᠠᠷ ᠲᠣᠮᠣ ᠤᠯᠠᠭᠠᠨ ᠬᠠᠭᠠᠯᠭᠠᠨ᠎ᠤ ᠮᠥᠩᠭᠦᠨ ᠲᠤᠪᠤᠷᠤᠤ᠎ᠶ᠋ᠢ ᠠᠬᠢᠨ ᠳᠡᠬᠢᠨ ᠲᠡᠮᠳᠡᠷᠢᠬᠦ᠌ᠶ᠋ᠢᠨ ᠳᠠᠭᠠᠤ ᠳᠦᠳᠦᠨᠡᠵᠦ᠍ ᠯᠡ ᠪᠠᠢᠯ᠎ᠠ᠃
ᠣᠳᠣᠲᠠᠢ ᠤᠷᠤᠯᠳᠤᠨ ᠪᠣᠰᠴᠤ᠌ ᠰᠠᠷ᠎ᠠ ᠬᠤᠷᠮᠣᠢᠯᠠᠨ ᠪᠣᠴᠠᠳᠠᠭ ᠬᠥᠳᠡᠭᠡ ᠠᠢᠯ᠎ᠤᠨ ᠪᠦᠬᠦ᠌ ᠠᠵᠢᠯ ᠦᠢᠯᠡ᠎ᠳᠤ ᠴᠠᠭᠠᠷᠠᠭ᠍ᠰᠠᠨ᠎ᠨᠢ ᠡᠵᠢ᠎ᠶ᠋ᠢᠨ ᠮᠢᠨᠢ ᠨᠢᠭᠡ ᠨᠠᠰᠤᠨ᠎ᠤ ᠪᠦᠬᠦ᠌ ᠬᠥᠷᠥᠩᠭᠡ ᠪᠠᠢᠭ᠍ᠰᠠᠨ ᠪᠣᠯ ᠦᠷ᠎ᠡ ᠬᠡᠦᠬᠡᠳ᠎ᠤᠨ᠎ᠢᠶᠠᠨ ᠲᠥᠯᠥᠭᠡ ᠠᠯᠢᠪᠠ᠎ᠪᠠᠨ ᠡᠷᠭᠦᠵᠦ᠍᠂ ᠦᠲᠡᠯᠦᠭᠡ ᠪᠣᠭᠤᠷᠣᠯ ᠪᠣᠯᠤᠭ᠍ᠰᠠᠨ ᠴᠤ᠌ ᠭᠡᠷ ᠪᠦᠯᠢ᠎ᠳᠡᠭᠡᠨ ᠲᠦᠱᠢᠭ ᠪᠣᠯᠵᠤ ᠪᠦᠲᠦᠨ ᠠᠮᠢᠳᠤᠷᠠᠯ᠎ᠳᠠᠭᠠᠨ ᠨᠠᠷᠠ ᠪᠣᠯᠵᠤ ᠶᠠᠪᠤᠭ᠍ᠰᠠᠨ ᠡᠵᠢ ᠮᠢᠨᠢ᠂ ᠷᠠᠳᠢᠣ᠋ ᠪᠤᠶᠤ ᠲᠧᠯᠸᠢᠰ ᠳᠡᠭᠡᠷ᠎ᠡ᠎ᠠᠴᠠ ᠰᠠᠶᠢ ᠰᠣᠨᠣᠰᠴᠤ᠌ ᠦᠵᠡᠵᠦ᠍ ᠪᠠᠢᠭ᠍ᠰᠠᠨ ᠨᠡᠢᠰᠯᠡᠯ ᠪᠡᠭᠡᠵᠢᠩ᠎ᠳᠤ ᠬᠦᠷᠦᠭ᠌ᠰᠡᠨ᠎ᠳᠡᠭᠡᠨ᠂ ᠬᠠᠭᠤᠴᠢᠨ ᠱᠢᠨ᠎ᠡ ᠨᠡᠢᠭᠡᠮ᠎ᠤᠨ ᠬᠠᠷᠢᠴᠠᠭᠤᠯᠤᠯ ᠬᠡᠲᠦ ᠲᠣᠳᠣ ᠪᠠᠢᠭ᠍ᠰᠠᠨ᠎ᠤ ᠤᠯᠠᠮ᠎ᠠᠴᠠ ᠢᠩᠭᠢᠵᠦ᠍ ᠯᠡ ᠶᠡᠭᠡ ᠬᠥᠭ᠌ᠰᠡᠵᠦ᠍ ᠲᠤᠭᠳᠤᠯᠵᠦ ᠪᠠᠢᠭᠰᠠᠨ ᠪᠠᠢᠬ᠎ᠠ᠃
ᠡᠵᠢ᠎ᠪᠠᠨ ᠪᠢ ᠢᠩᠬᠢᠵᠦ᠍ ᠨᠢᠭᠡ ᠤᠳᠠᠭ᠎ᠠ ᠪᠠᠶᠠᠷᠯᠠᠭᠤᠯᠤᠭ᠍ᠰᠠᠨ ᠶᠤᠮ᠃
ᠲᠡᠷᠡ ᠬᠦ᠌ ᠴᠠᠭ ᠮᠥᠴᠡ᠎ᠶ᠋ᠢ ᠪᠣᠳᠣᠬᠤ ᠪᠦᠷᠢ ᠡᠵᠢ᠎ᠶ᠋ᠢᠨ ᠮᠢᠨᠢ ᠬᠠᠷ᠎ᠠ ᠪᠣᠷᠣ ᠬᠦᠳᠡᠭᠡᠴᠦᠦᠯᠤᠨ ᠪᠠᠶᠠᠰᠤᠯ ᠢᠨᠢᠶᠡᠳᠦ᠂ ᠪᠠᠶᠠᠷ ᠵᠢᠷᠭᠠᠯ ᠪᠢᠯᠬᠠᠭ᠍ᠰᠠᠨ ᠡᠯᠢᠭᠡᠰᠡᠭ ᠳᠦᠷᠢ᠂ ᠤᠭᠤᠷᠠᠭ ᠲᠠᠷᠢᠬᠢ᠂ ᠣᠢ ᠤᠬᠠᠭᠠᠨ᠂ ᠣᠶᠣᠨ ᠮᠡᠳᠡᠷᠡᠯ᠎ᠤᠨ ᠡᠰ ᠪᠦᠬᠦᠨ᠎ᠢ ᠡᠵᠡᠮᠳᠡᠵᠦ᠍᠂ ᠪᠦᠮᠪᠥᠷᠴᠡᠭ᠎ᠲᠤ ᠪᠢ ᠭᠠᠭ᠍ᠴᠠᠭᠠᠷ ᠵᠢᠷᠭᠠᠯ᠎ᠲᠠᠢ ᠪᠠᠢᠮᠠᠷ ᠰᠠᠨᠠᠭᠳᠠᠪᠠ᠃
ᠲᠦᠭ ᠲᠦᠮᠡᠨ ᠮᠣᠩᠭᠤᠯ ᠡᠬᠡᠴᠤᠤᠯ᠎ᠲᠠᠢ ᠠᠳᠠᠯᠢ᠎ᠪᠠᠷ ᠮᠢᠨᠦ᠍ ᠡᠵᠢ ᠮᠥᠨ ᠴᠦ᠍ ᠭᠡᠷ ᠪᠦᠯᠢ᠂ ᠦᠷ᠎ᠡ ᠬᠡᠦᠬᠡᠳ᠂ ᠠᠮᠢᠳᠤᠷᠠᠯ᠎ᠤᠨ ᠲᠥᠯᠥᠭᠡᠨ᠎ᠡ ᠶᠠᠳᠠᠷᠠᠯ ᠵᠥᠳᠡᠷᠡᠯ ᠢ ᠵᠢᠷᠭᠠᠯ ᠴᠡᠩᠭᠡᠯ᠎ᠢᠶᠠᠷ᠂ ᠬᠠᠯᠠ ᠪᠡᠷᠬᠡ᠎ᠶ᠋ᠢ ᠬᠠᠲᠠᠭᠤ ᠡᠭᠦᠷᠭᠡ᠎ᠪᠠᠷ ᠨᠠᠰᠤᠨ᠎ᠤ ᠬᠠᠨᠢ᠎ᠪᠠᠨ ᠪᠣᠯᠭᠠᠨ ᠥᠪᠯᠡᠵᠦ᠍ ᠶᠠᠪᠤᠭ᠍ᠰᠠᠨ ᠪᠢᠯᠨ᠃
ᠮᠢᠨᠦ᠍ ᠡᠵᠢ ᠡᠩ᠎ᠤᠨ ᠨᠢᠭᠡᠨ ᠬᠥᠳᠡᠭᠡ᠎ᠶ᠋ᠢᠨ ᠪᠦᠰᠡᠭᠦᠶ᠃
ᠭᠤᠷᠪᠠ
2010 ᠣᠨ ᠤ ᠠᠷᠭ᠎ᠠ᠎ᠶ᠋ᠢᠨ ᠤᠯᠠᠷᠢᠯ ᠤᠨ 1 ᠰᠠᠷ᠎ᠠ᠎ᠶ᠋ᠢᠨ22 ᠤ᠋ᠨ ᠡᠳᠦᠷ᠂ ᠪᠢᠲᠡᠭᠦᠨ᠃ ᠵᠤᠷᠱᠢᠯ ᠶᠣᠰᠣᠭᠠᠷ ᠴᠠᠭᠠᠯᠠᠨ᠎ᠠ ᠭᠡᠵᠦ᠍ ᠮᠣᠩᠭᠠᠨᠢᠵᠤ ᠪᠠᠢᠲᠠᠯ᠎ᠠ ᠲᠧᠯᠸᠢᠰ ᠦᠵᠡᠵᠦ᠍ ᠪᠠᠢᠭ᠍ᠰᠠᠨ ᠡᠵᠢ ᠮᠢᠨᠢ ᠲᠦᠰ ᠭᠡᠳ ᠭᠡᠨᠡᠳᠲᠡ ᠬᠥᠰᠡᠷ ᠣᠢᠴᠢᠬᠤᠪᠠᠷᠨᠢ ᠰᠠᠨᠳᠤᠷᠤᠨ ᠭᠦᠶᠦᠨ ᠬᠦᠷᠬᠦ᠌᠎ᠳᠤ᠂ ᠡᠵᠢ ᠮᠢᠨᠢ ᠬᠦᠰᠡᠷ ᠰᠠᠭᠤᠭᠠᠳ ᠬᠥᠯ᠎ᠢᠶᠠᠨ ᠨᠤᠬᠤᠯᠠᠵᠤ᠂ ᠬᠠᠴᠠᠷ᠎ᠢ ᠨᠢ ᠳᠠᠭᠠᠭᠠᠳ ᠬᠥᠯᠥᠰᠥ᠍ ᠤᠷᠤᠰᠴᠤ᠌ ᠪᠠᠢᠯ᠎ᠠ᠃ ᠭᠠᠷ᠎ᠢ᠎ᠨᠢ ᠠᠶᠠᠷ ᠵᠠᠢᠯᠠᠭᠤᠯᠤᠭᠠᠳ ᠦᠵᠡᠬᠦ᠌᠎ᠳᠤ ᠵᠡᠭᠦᠨ ᠬᠥᠯ᠎ᠤᠨ ᠬᠢᠨᠢ ᠱᠠᠭ᠎ᠠ ᠶ᠋ᠢᠨ ᠦᠶ᠎ᠡ ᠨᠢ ᠠᠶᠠᠭᠠᠨ ᠠᠮᠠᠰᠠᠷ ᠬᠢᠷᠢ ᠤᠯᠠᠢᠵᠤ ᠬᠠᠪᠤᠳᠤᠭᠠᠳ ᠠᠯᠬᠤᠵᠦ᠍ ᠳᠡᠢᠯᠦᠭ᠌ᠰᠡᠨ ᠦᠭᠡᠢ ᠣᠢᠴᠢᠴᠢᠬᠠᠭ᠍ᠰᠠᠨ ᠪᠠᠢᠵᠠᠢ᠃
ᠪᠢ ᠡᠵᠢ ᠪᠠᠨ ᠲᠡᠪᠡᠷᠢᠵᠦ᠍ ᠳᠣᠲᠣᠷ᠎ᠠ ᠥᠷᠥᠭᠡᠨ᠎ᠤ ᠣᠷᠣ ᠳᠡᠭᠡᠷ᠎ᠡ᠎ᠨᠢ ᠬᠡᠪᠳᠡᠭᠦᠯᠪᠡ᠃
ᠬᠠᠴᠠᠷ ᠳᠡᠭᠡᠷᠡᠬᠢ ᠬᠥᠯᠥᠰᠥ᠎ᠶ᠋ᠢ᠎ᠨᠢ ᠵᠦᠯᠭᠦᠬᠦ᠌ ᠬᠤᠭᠤᠷᠣᠨᠳᠣ᠂ ᠵᠠᠯᠠᠭᠤ᠎ᠳᠠᠭᠠᠨ ᠬᠥᠯ᠎ᠢᠶᠠᠨ ᠭᠡᠮᠲᠦᠭᠡᠵᠦ᠍ ᠥᠩᠭᠡᠷᠡᠭ᠌ᠰᠡᠨ᠂ ᠣᠷᠴᠢᠮ ᠠᠰᠠᠷ᠎ᠤᠨ ᠱᠠᠲᠤ᠎ᠪᠠᠷ ᠢᠯᠡᠭᠦᠦ ᠶᠠᠪᠤᠭ᠍ᠰᠠᠨ᠎ᠠᠴᠠ ᠬᠠᠭᠤᠴᠢᠨ ᠠᠷᠬᠠᠬ᠎ᠨᠢ ᠬᠥᠳᠡᠯᠦᠭ᠌ᠰᠡᠨ ᠵᠢᠴᠢ ᠡᠨᠡ ᠪᠠᠭ᠎ᠠ ᠰᠠᠭ᠎ᠠ ᠱᠢᠷᠬ᠎ᠠ᠎ᠳᠤ ᠡᠮ ᠤᠤᠭᠤᠬᠤ ᠴᠢᠬᠤᠯᠠ ᠦᠭᠡᠢ᠂ ᠱᠢᠨᠠᠯᠠᠵᠤ ᠴᠠᠭᠠᠯᠠᠬᠤ ᠭᠡᠵᠦ᠍ ᠪᠠᠢᠬᠤ᠎ᠳᠤ ᠡᠮ ᠳᠣᠮ ᠭᠡᠳ ᠶᠠᠭᠠᠬᠢᠬᠤ ᠪᠣᠢ ᠭᠡᠬᠦ᠌ ᠮᠡᠲᠦ᠍᠎ᠪᠠᠷ ᠠᠯᠢ ᠴᠢᠳᠠᠬᠤᠢᠴᠠ ᠥᠪᠡᠷ᠎ᠤᠨ 《ᠶᠣᠰᠣ》 ᠪᠠᠨ ᠶᠠᠷᠢᠵᠤ ᠯᠠ ᠪᠠᠢᠯ᠎ᠠ᠃
ᠡᠵᠢ ᠪᠠᠨ ᠪᠢ ᠢᠩᠭᠢᠵᠦ᠍ ᠨᠢᠭᠡ ᠤᠳᠠᠭ᠎ᠠ ᠲᠡᠪᠡᠷᠢᠭ᠌ᠰᠡᠨ ᠪᠢᠯᠡ᠃
ᠡᠵᠢᠪᠠᠷᠢᠶᠠᠨ ᠲᠡᠪᠡᠷᠢᠭᠦᠯᠬᠦ᠌ᠨᠢ ᠦᠷ᠎ᠡ ᠬᠡᠦᠬᠡᠳ ᠪᠣᠯᠤᠭ᠍ᠰᠠᠳᠤᠨ ᠥᠨᠢᠳᠡ᠎ᠶ᠋ᠢᠨ ᠵᠢᠷᠭᠠᠯ ᠪᠠᠢᠭ᠍ᠰᠠᠨ ᠪᠣᠯ ᠡᠵᠢ᠎ᠪᠠᠨ ᠲᠡᠪᠡᠷᠢᠬᠦ᠌ᠨᠢ ᠦᠷᠡᠭᠡᠦᠭᠡᠳᠤᠨ ᠬᠢᠨᠢ ᠥᠨᠢᠳᠡ᠎ᠶ᠋ᠢᠨ ᠳᠤᠷᠠᠰᠤᠯ ᠪᠠᠢᠵᠤ ᠳᠠᠭᠠᠷᠠᠨ᠎ᠠ᠃ ᠡᠨᠡ ᠬᠦ᠌ ᠪᠢᠲᠡᠭᠦᠨ᠎ᠤ ᠰᠥᠨᠢ ᠨᠠᠳᠠ᠎ᠳᠤ ᠡᠭᠦᠷᠢᠳᠡ ᠮᠠᠲᠠᠭ᠍ᠳᠠᠬᠤ ᠦᠭᠡᠢ᠃
ᠤᠬᠢᠯᠠᠵᠤ ᠢᠷᠡᠭᠡᠳ ᠤᠬᠢᠯᠠᠭᠤᠯᠵᠤ ᠶᠠᠪᠤᠬᠤ ᠬᠥᠮᠦᠨ᠎ᠤ ᠬᠤᠷᠸ᠎ᠠ᠎ᠶ᠋ᠢᠨ ᠶᠣᠰᠣ ᠳᠠᠩᠴᠢ ᠬᠠᠲᠠᠭᠤ᠃ ᠡᠵᠢ᠎ᠪᠠᠨ ᠭᠡᠬᠦ᠌᠎ᠠᠴᠠ ᠡᠷᠭᠢᠴᠡᠭᠦᠯᠦᠯ ᠲᠡᠳᠦᠶ ᠦᠯᠡᠳᠡᠯ᠎ᠡ᠃ ᠡᠷᠭᠢᠭᠡᠳ ᠲᠠᠨ᠎ᠳᠠᠭᠠᠨ ᠵᠣᠯᠭᠠᠶ᠎ᠠ ᠭᠡᠬᠦ᠌᠎ᠠᠴᠠ ᠵᠥᠪᠬᠡᠨ ᠱᠢᠷᠣᠶ᠎ᠶ᠋ᠢᠨ ᠣᠪᠣᠭ᠎ᠠ ᠯᠠ ᠬᠠᠷᠠᠭ᠍ᠳᠠᠯ᠎ᠠ᠃ ᠭᠤᠷᠪᠠᠨ ᠵᠢᠯ᠎ᠤᠨ ᠲᠤᠷᠱᠢᠬᠢ ᠵᠡᠭᠦᠳᠦ ᠪᠣᠳᠣᠯ᠂ ᠰᠠᠨᠠᠯ ᠬᠠᠢᠷ᠎ᠠ᠎ᠶ᠋ᠢᠨ ᠦᠭᠡ ᠵᠣᠭᠤᠭ᠎ᠢᠶᠠᠨ ᠵᠥᠪᠬᠡᠨ ᠪᠣᠲᠤᠯᠤᠨ ᠪᠣᠭᠤᠳᠠᠯ ᠪᠣᠯᠭᠠᠨ ᠰᠣᠨᠢᠨ ᠭᠠᠢᠬᠠᠮᠰᠢᠭ᠍ᠲᠤ ᠨᠥᠬᠦᠭᠡ ᠶᠢᠷᠲᠢᠨᠴᠦ᠍᠎ᠳᠤ ᠭᠤᠪᠢᠭᠤᠯᠬᠤ ᠦᠦ? ᠡᠰᠡᠬᠦᠯ᠎ᠡ ᠪᠤᠩᠬᠤᠨ᠎ᠤ ᠴᠢᠨᠢ ᠡᠮᠦᠨ᠎ᠡ ᠤᠯᠠᠯᠵᠠᠨ ᠨᠣᠴᠣᠵᠤ ᠪᠠᠢᠭ᠎ᠠ ᠲᠤᠶᠢᠩ ᠲᠠᠬᠢᠯᠭ᠎ᠠ᠎ᠳᠤ ᠡᠷᠭᠦᠬᠦ᠌ ᠦᠦ? ᠠᠶ ᠳ᠋ᠠ᠂ ᠬᠥᠭᠡᠷᠦᠬᠦᠶ ᠡᠵᠢ ᠮᠢᠨᠢ! ᠨᠡᠷᠠᠨ ᠤ ᠪᠤᠮᠠᠨ ᠰᠠᠴᠤᠷᠠᠭ ᠱᠢᠭ᠋᠎ᠢᠶᠠᠷ ᠨᠤᠲᠤᠭ ᠤᠰᠤ ᠬᠥᠮᠦᠨ ᠠᠷᠠᠳ᠂ ᠦᠷ᠎ᠡ ᠬᠡᠦᠬᠡᠳ᠎ᠢᠶᠠᠨ ᠡᠴᠢᠨ᠎ᠡ ᠬᠤᠯᠠ ᠡᠭᠦᠯᠡᠨ ᠳᠠᠯᠳᠠ᠎ᠠᠴᠠ ᠬᠡᠵᠢᠶ᠎ᠡ ᠡᠭᠦᠷᠢᠳᠡ ᠥᠷᠥᠱᠢᠶᠡᠨ ᠰᠣᠶᠣᠷᠬᠠᠬᠤ ᠪᠠᠢᠬ᠎ᠠ!
ᠮᠢᠨᠦ᠍ ᠡᠵᠢ ᠨᠤᠲᠤᠭ᠎ᠢᠶᠠᠨ ᠰᠠᠬᠢᠭ᠍ᠰᠠᠨ ᠮᠥᠩᠬᠡ᠎ᠶ᠋ᠢᠨ ᠱᠢᠲᠦᠭᠡᠨ᠃