ᠪᠤᠳᠤᠯ᠎ᠤᠨ ᠴᠠᠩᠭᠡᠷ ᠵᠤᠨ
2026-07-15 11:50:07
ᠵᠣᠬᠢᠶᠠᠭ᠍ᠴᠢ᠄
ᠮ᠊ · ᠴᠢᠩᠪᠠᠳᠦ
ᠣᠩᠱᠢᠭ᠍ᠰᠠᠨ ᠣᠳᠠᠭ᠎ᠠ᠄
★★★☆☆

ᠵᠢᠷᠬᠢᠵᠤ ᠢᠷᠡᠭ᠌ᠰᠠᠨ ᠵᠤᠨ ᠵᠢᠷᠦᠭᠡᠨ ᠲᠤᠯᠳᠤ᠎ᠳᠤ ᠡᠭᠡᠨᠡᠭ᠌ᠰᠢᠬᠦᠢ

ᠵᠠᠭᠤᠨ ᠴᠡᠴᠡᠭᠡᠰ᠎ᠤᠨ ᠲᠠᠯᠪᠢ ᠵᠦᠢᠯ᠎ᠤᠨ ᠦᠡᠭ᠌ᠭᠡ᠎ᠪᠠᠷ ᠮᠢᠷᠠᠯᠵᠠᠬᠤᠢ

ᠵᠦᠭᠡᠯᠡᠨ ᠵᠦᠭᠡᠯᠡᠨ ᠪᠤᠷᠤᠭᠠᠨ᠎ᠤ ᠲᠤᠰᠤᠯ ᠴᠡᠭᠡᠨ ᠮᠡᠯᠮᠡᠢ᠎ᠳᠤ ᠪᠦᠵᠢᠬᠦᠢ

ᠵᠢᠬᠦᠷ ᠲᠠᠪᠢᠭ᠌ᠰᠡᠨ ᠮᠢᠩᠭᠠᠨ ᠱᠢᠪᠠᠭᠤᠳ ᠵᠦᠡᠭ ᠰᠤᠪᠢᠡᠭ ᠠᠨᠢᠷᠯᠠᠬᠤᠢ




ᠨᠠᠷᠠᠨ᠎ᠤ ᠠᠯᠳᠠᠩᠬᠠᠨ ᠲᠤᠶᠠᠭ᠎ᠠ ᠨᠠᠪᠴᠢᠰ᠎ᠤᠨ ᠭᠡᠯᠠ᠎ᠪᠠᠷ ᠲᠠᠭᠤᠯᠠᠬᠤᠢ

ᠨᠠᠳᠠᠳᠤ ᠱᠢᠪᠡᠨᠡᠭ᠌ᠰᠠᠨ ᠪᠢᠴᠢᠯ ᠵᠠᠬᠢᠶ᠎ᠠ ᠨᠠᠭᠤᠷ᠎ᠤᠨ ᠬᠦᠪᠡᠭᠡᠨ᠎ᠳᠤ ᠴᠡᠴᠡᠭ᠌ᠯᠡᠬᠦᠢ

ᠨᠠᠭᠠᠳᠴᠤ ᠦᠰᠦᠭ᠌ᠰᠠᠨ ᠪᠤᠷᠤ ᠪᠠᠭᠤᠴᠠ᠎ᠶ᠋ᠢᠨ ᠰᠠᠯᠬᠢ ᠭᠡᠨᠡᠨ ᠨᠠᠰᠤ᠎ᠶ᠋ᠢ ᠦᠬᠦᠯᠠᠬᠦᠢ

ᠨᠠᠢᠷ᠎ᠲᠤ ᠲᠠᠪᠬᠢᠭ᠍ᠰᠠᠨ ᠬᠦᠯᠦᠭ᠎ᠤᠨ ᠲᠤᠭᠤᠷᠠᠢ ᠲᠠᠯ᠎ᠠ᠎ᠶ᠋ᠢᠨ ᠰᠤᠨᠤᠷ᠎ᠢ ᠲᠤᠪᠱᠢᠬᠤᠢ




ᠰᠠᠷᠠ᠎ᠲᠠᠢ ᠭᠡᠭᠡᠷ ᠤᠨᠠᠭ᠎ᠠ ᠤᠨᠢᠶᠠᠷ ᠮᠠᠨᠠᠨ ᠲᠤᠮᠳᠠ ᠲᠤᠭ᠍ᠯᠠᠬᠤᠢ

ᠰᠠᠭᠠᠯᠢ ᠰᠦ᠎ᠶ᠋ᠢᠨ ᠦᠨᠦᠷ ᠲᠠᠨᠵᠢ᠎ᠶ᠋ᠢᠨ ᠵᠤᠰᠠᠭᠠᠯ᠎ᠠᠴᠠ ᠰᠠᠩᠬᠢᠨᠠᠬᠦᠢ

ᠰᠠᠷ ᠰᠠᠷ ᠨᠠᠮᠵᠢᠭᠤᠬᠠᠨ ᠵᠢᠪᠡᠷ ᠬᠠᠴᠡᠷ ᠨᠢᠭᠤᠷ᠎ᠢ ᠠᠶᠠᠷ ᠠᠶᠠᠷᠬᠠᠨ ᠢᠯᠪᠢᠬᠦᠢ

ᠰᠡᠳᠭᠢᠯ ᠢᠳᠡᠭᠡᠯ᠎ᠤᠨ ᠵᠠᠢᠴᠢᠨ᠎ᠳᠤ ᠨᠠᠢᠷᠠᠭ᠎ᠤᠨ ᠤᠷᠠᠨ ᠮᠠᠳᠠᠷᠠᠮᠵᠢ ᠭᠡᠷᠡᠯᠳᠦᠬᠦᠢ




ᠡᠷᠭᠡᠰ ᠪᠦᠳᠦᠨ ᠲᠠᠯ᠎ᠠ᠎ᠶ᠋ᠢᠨ ᠦᠷᠦᠴᠠ ᠲᠤᠷᠭᠠᠨ ᠲᠤᠯᠬᠢᠶ᠎ᠠ ᠬᠠᠶᠠᠯᠠᠬᠤᠢ

ᠡᠴᠢᠭᠡ᠎ᠶ᠋ᠢᠨ ᠬᠠᠢᠷᠠᠳᠠᠢ ᠨᠤᠳᠤᠭ ᠲᠤᠯᠤᠭᠠᠨ ᠦᠡᠭ᠌ᠭᠡ᠎ᠪᠠᠷ ᠰᠤᠯᠤᠩᠭᠠᠷᠠᠬᠤᠢ

ᠡᠩᠬᠦᠷᠠᠢ ᠵᠢᠭᠠᠬᠠᠨ ᠪᠤᠷᠮ᠎ᠠ᠎ᠶ᠋ᠢᠨ ᠲᠤᠷᠳᠤᠩ ᠠᠯᠴᠢᠭᠤᠷ ᠬᠠᠷᠠᠴᠠᠨ᠎ᠳᠤ ᠲᠠᠷᠪᠡᠬᠦᠢ

ᠡᠭᠡᠱᠢᠭ᠌ᠯᠡᠵᠤ ᠤᠶᠠᠷᠠᠭ᠍ᠰᠠᠨ ᠪᠤᠳᠤᠯ᠎ᠤᠨ ᠴᠠᠩᠭᠡᠷ ᠵᠤᠨ ᠭᠤᠴᠤ᠌ ᠦᠵᠠᠮᠵᠢ ᠤᠷᠠᠯᠠᠬᠤᠢ!

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号