ᠬᠤᠯᠠ ᠨᠤᠲᠤᠭ᠎ᠤᠨ ᠰᠠᠷᠠ
2026-07-22 15:54:59
ᠵᠣᠬᠢᠶᠠᠭ᠍ᠴᠢ᠄
ᠪᠤ᠊·ᠤᠶᠣᠨᠰᠣᠪᠣᠳ
ᠣᠩᠱᠢᠭ᠍ᠰᠠᠨ ᠣᠳᠠᠭ᠎ᠠ᠄
★★★☆☆

ᠭᠠᠷ ᠤᠲᠠᠰᠤᠨ᠎ᠳᠤ ᠴᠢᠮᠡᠭᠡ ᠤᠷᠣᠵᠤ ᠢᠷᠡᠪᠡ᠃ ᠶᠠᠭᠠᠷᠠᠤᠬᠠᠨ ᠵᠠᠳᠠᠯᠵᠤ ᠬᠠᠷᠠᠪᠠᠯ ᠤᠷᠤᠢ᠎ᠶ᠋ᠢᠨ ᠣᠯᠠᠪᠤᠷ ᠱᠢᠷ᠎ᠠ ᠲᠤᠯᠤᠩ᠎ᠤᠨ ᠲᠤᠮᠳᠠ ᠰᠦᠨᠳᠡᠷᠯᠡᠭ᠌ᠰᠡᠨ ᠭᠤᠢᠲᠠ ᠰᠠᠢᠬᠠᠨ ᠠᠰᠠᠷ ᠳᠠᠭ᠍ᠲᠣ᠎ᠶ᠋ᠢᠨ ᠴᠠᠭᠠᠭᠤᠷ ᠳᠠᠯᠳᠢᠷᠠᠮᠠᠷ ᠪᠤᠢ ᠠᠷᠪᠠᠳ᠎ᠤᠨ ᠰᠠᠷᠠᠨ᠎ᠤ ᠵᠢᠷᠤᠭ ᠪᠠᠢᠯ᠎ᠠ᠃ ᠦᠬᠢᠨ᠎ᠤ ᠮᠢᠨᠢ ᠢᠯᠡᠭᠡᠭ᠌ᠰᠡᠨ ᠬᠤᠯᠠ᠎ᠶ᠋ᠢᠨ ᠨᠤᠲᠤᠭ ᠪᠠ ᠬᠤᠯᠠ᠎ᠶ᠋ᠢᠨ ᠨᠤᠲᠤᠭ᠎ᠤᠨ ᠰᠠᠷᠠᠨ᠎ᠤ ᠵᠢᠷᠤᠭ᠃ ᠪᠢ ᠴᠦ᠍ ᠪᠠᠰᠠ ᠶᠠᠭ ᠨᠠᠷᠠᠪᠴᠢᠨ᠎ᠤ ᠳᠡᠷᠭᠡᠲᠡ ᠵᠤᠭ᠍ᠰᠤᠭᠠᠳ ᠭᠠᠳᠠᠭ᠍ᠰᠢ ᠬᠠᠷᠠᠵᠤ ᠪᠠᠢᠭ᠍ᠰᠠᠨ ᠰᠠᠨ᠃ ᠭᠡᠷᠡᠯᠳᠦᠬᠦᠯᠭᠡ ᠠᠰᠠᠭᠠᠭ᠍ᠳᠠᠭ᠎ᠠ ᠦᠭᠡᠢ ᠦᠷᠦᠭᠡᠨ᠎ᠳᠤ ᠳᠡᠷᠲᠡᠭᠡ ᠠᠰᠠᠷ᠎ᠤᠨ ᠳ᠋ᠧᠩ᠎ᠤᠨ ᠭᠡᠷᠡᠯ᠂ ᠪᠠᠰᠠ ᠵᠠᠮ᠎ᠤᠨ ᠳ᠋ᠧᠩ᠎ᠤᠨ ᠲᠤᠯᠠᠢᠭ᠍ᠰᠠᠨ ᠭᠡᠷᠡᠯ ᠲᠤᠮᠤᠬᠠᠨ ᠭᠡᠭᠡᠪᠴᠢ᠎ᠪᠠᠷ ᠰᠠᠶ᠎ᠠ ᠮᠢᠩᠭᠠᠨ ᠭᠡᠷᠡᠯ᠎ᠢᠶᠠᠨ ᠰᠠᠴᠣᠬᠤ᠎ᠳᠠᠭᠠᠨ ᠮᠢᠨᠤ ᠪᠡᠶ᠎ᠡ᠎ᠶ᠋ᠢ ᠭᠡᠭᠡᠨ ᠬᠬᠢᠪ᠎ᠢᠶᠠᠷ ᠨᠦᠮᠦᠭᠡᠯᠡᠭ᠌ᠰᠡᠨ᠎ᠢᠶᠠᠷ ᠪᠠᠷᠠᠬᠤ ᠦᠭᠡᠢ ᠴᠢᠷᠠᠢ ᠨᠢᠭᠤᠷ ᠭᠡᠵᠢᠭᠡ ᠦᠰᠦ᠎ᠶ᠋ᠢ ᠴᠤ᠌ ᠱᠢᠷᠭᠠᠯ ᠱᠢᠷ᠎ᠠ ᠦᠩᠭᠡ᠎ᠪᠠᠷ ᠪᠤᠳᠤᠭ᠍ᠯᠠᠭ᠍ᠰᠠᠨ ᠪᠠᠢᠯ᠎ᠠ᠃

ᠪᠢ ᠦᠬᠢᠨ᠎ᠢᠶᠠᠨ ᠰᠠᠨᠠᠴᠢᠬᠠᠯ᠎ᠠ᠃ ᠰᠤᠷᠴᠦ᠍ ᠰᠣᠳᠤᠯᠬᠤ᠎ᠶ᠋ᠢᠨ ᠡᠷᠬᠡ᠎ᠪᠠᠷ ᠬᠤᠯᠠ᠎ᠶ᠋ᠢᠨ ᠨᠤᠲᠤᠭ ᠬᠦᠮᠦᠨ᠎ᠤ ᠭᠠᠵᠠᠷ ᠬᠦᠯ ᠲᠠᠯᠪᠢᠬᠤ᠎ᠳᠠᠭᠠᠨ 《ᠮᠢᠨᠤ ᠨᠤᠲᠤᠭ᠎ᠤᠨ ᠰᠠᠷᠠ ᠪᠠᠰᠠ ᠡᠢᠮᠤ ᠶᠤᠮ ᠰᠠᠨ》 ᠬᠡᠵᠦ ᠰᠠᠨᠠᠨ ᠵᠢᠷᠤᠭ᠍ᠯᠠᠭ᠍ᠰᠠᠨ ᠶᠤᠮ ᠪᠣᠯᠪᠠᠣ! ᠲᠡᠷᠡ ᠵᠢᠷᠤᠭ᠎ᠢ᠃ ᠡᠰᠡᠭᠦᠯ᠎ᠡ 《ᠡᠵᠢ ᠮᠢᠨᠢ ᠪᠠᠰᠠᠯᠠ ᠨᠠᠮᠠᠶ᠋ᠢ᠎ᠪᠠᠨ ᠰᠠᠨᠠᠭᠠᠳ ᠨᠠᠷᠠᠪᠴᠢᠨ᠎ᠤ᠎ᠪᠠᠨ ᠳᠡᠷᠭᠡᠳᠡ ᠭᠡᠭᠡᠪᠴᠢ᠎ᠪᠠᠷ ᠭᠠᠳᠠᠭ᠍ᠰᠢ ᠬᠠᠷᠠᠨ ᠵᠤᠭ᠍ᠰᠤᠵᠤ ᠪᠠᠢᠭ᠎ᠠ ᠪᠣᠯᠪᠠᠤ》 ᠬᠡᠮᠡᠨ ᠪᠤᠳᠤᠭ᠍ᠰᠠᠨ ᠶᠤᠮ ᠪᠤᠯᠪᠠᠤ? ᠠᠢ ᠬᠦᠭᠡᠷᠦᠬᠦᠢ᠂ ᠡᠬᠡ ᠦᠷ᠎ᠡ᠎ᠶ᠋ᠢᠨ ᠰᠡᠳᠭᠢᠯ ᠡ ᠭᠡᠵᠤ ᠡᠢᠮᠤ ᠶᠤᠮ ᠳ᠋ᠠ᠃ ᠢᠮᠠᠭ᠍ᠳᠠ ᠰᠡᠳᠭᠢᠯ ᠰᠡᠳᠭᠢᠯ᠎ᠳᠡᠭᠡᠨ ᠨᠢᠭᠡᠨ ᠨᠢᠭᠡᠨ᠎ᠢᠶᠠᠨ ᠲᠡᠭᠡᠭᠡᠵᠤ ᠲᠤᠷᠠᠰᠤᠯ ᠮᠦᠷᠦᠭᠡᠳᠦᠯ᠎ᠢᠶᠠᠨ ᠬᠠᠶᠠ ᠡᠢᠮᠦᠷᠬᠦᠦ ᠦᠭᠡ ᠳᠠᠭᠤᠨ ᠦᠭᠡᠢ ᠬᠡᠯᠪᠡᠷᠢ᠎ᠪᠠᠷ ᠢᠯᠡᠳᠭᠡᠵᠦ᠍ ᠪᠠᠢᠳᠠᠭ ᠰᠠᠨᠵᠢ᠃

ᠪᠢ ᠭᠡᠭᠡᠪᠴᠢᠨ ᠭᠠᠳᠠᠨᠠᠬᠢ ᠤᠯᠠᠨ ᠤᠯᠠᠨ ᠲᠡᠷᠭᠡ ᠰᠦᠯᠵᠢᠯᠳᠦᠭ᠌ᠰᠡᠨ ᠵᠠᠰᠠᠮᠠᠯ ᠵᠠᠮ᠂ ᠵᠠᠮ ᠳᠠᠭᠠᠤ ᠲᠠᠷᠢᠭ᠍ᠰᠠᠨ ᠴᠠᠰᠤᠨ ᠴᠡᠴᠡᠭ᠎ᠲᠠᠢ ᠮᠤᠳᠣ ᠤᠷᠭᠤᠮᠠᠯ᠂ ᠵᠠᠮ᠎ᠤᠨ ᠴᠠᠭᠠᠨ᠎ᠠ ᠪᠠᠢᠬᠤ ᠦᠩᠭᠡ ᠦᠩᠭᠡ᠎ᠶ᠋ᠢᠨ ᠭᠡᠷᠡᠯ᠎ᠲᠠᠢ ᠠᠰᠠᠷ ᠳᠠᠭ᠍ᠲᠣ᠂ ᠮᠦᠨ ᠯᠡ ᠱᠢᠨ᠎ᠡ ᠵᠢᠯ ᠴᠠᠭᠠᠨ ᠰᠠᠷ᠎ᠠ᠎ᠶ᠋ᠢᠨ ᠦᠩᠭᠡ ᠦᠵᠡᠮᠵᠢ᠎ᠳᠡᠭᠡᠨ ᠰᠤᠭ᠍ᠲᠤᠨ ᠪᠠᠢᠬᠤ ᠵᠢᠵᠢᠭ᠌ᠬᠡᠨ ᠬᠤᠲᠠ᠎ᠶ᠋ᠢᠨ᠎ᠢᠶᠠᠨ ᠵᠢᠷᠤᠭ᠎ᠢ ᠵᠢᠷᠣᠭ᠍ᠯᠠᠵᠤ ᠦᠬᠢᠨ᠎ᠳᠡᠭᠡᠨ ᠢᠯᠡᠭᠡᠪᠡ᠃

ᠮᠠᠨ᠎ᠤ ᠨᠤᠲᠤᠭ᠎ᠲᠤ ᠬᠠᠷᠠᠩᠭᠤᠢ ᠬᠡᠵᠢᠶᠡᠨᠡᠢ ᠬᠠᠷ᠎ᠠ ᠬᠦᠱᠢᠭᠡ᠎ᠪᠠᠨ ᠲᠠᠲᠠᠴᠢᠬᠠᠵᠠᠢ᠃ ᠶᠠᠭ ᠯᠡ ᠬᠡᠨ ᠨᠢᠭᠡᠨ᠎ᠤ ᠨᠡᠬᠡᠮᠡᠯᠯᠡᠭ᠌ᠰᠡᠨ ᠬᠠᠷ᠎ᠠ ᠲᠤᠷᠳᠤᠩ ᠠᠯᠴᠢᠭᠤᠷ ᠭᠡᠮᠡᠷ ᠤᠭ᠍ᠲᠠᠷᠭᠤᠢ᠎ᠳᠤ ᠰᠤᠪᠤᠳ ᠱᠢᠬᠢᠳᠭᠡᠭ᠌ᠰᠡᠨ ᠮᠡᠲᠦ ᠲᠤᠳᠤᠬᠠᠨ ᠣᠳᠤᠳ᠎ᠤᠨ ᠭᠢᠯᠪᠠᠭ᠎ᠠ ᠮᠢᠨᠤ ᠯᠡ ᠰᠡᠳᠭᠢᠯ᠎ᠳᠤ ᠡᠷᠬᠡᠯᠡᠳᠡᠭ ᠦᠬᠢᠨ᠎ᠤ ᠮᠢᠨᠢ ᠨᠢᠳᠦ ᠮᠡᠲᠦ ᠶᠠᠭᠤᠳᠠᠢ ᠲᠤᠮᠤ᠂ ᠶᠠᠭᠤᠲᠠᠢ ᠭᠡᠷᠡᠯ᠎ᠲᠠᠢ ᠠᠵᠢ᠃ ᠲᠡᠢᠮᠤ ᠡ᠂ ᠲᠡᠷᠡ ᠣᠳᠤᠳ ᠮᠢᠨᠤ ᠵᠦᠭ ᠬᠠᠷᠠᠬᠤ᠎ᠨᠢ ᠶᠠᠭ ᠯᠡ ᠦᠬᠢᠨ᠎ᠤ ᠮᠢᠨᠢ᠄ 《ᠡᠵᠢ ᠡ᠂ ᠪᠢ ᠠᠳᠡ ᠪᠠᠢᠨ᠎ᠠ᠂ ᠨᠠᠭᠠᠰᠢ᠎ᠪᠠᠨ᠂ ᠨᠠᠭᠠᠰᠢ᠎ᠪᠠᠨ ᠬᠠᠷᠠᠭᠠᠴᠢ ᠡ!》 ᠬᠡᠮᠡᠨ ᠠᠯᠢᠶᠠᠯᠠᠨ ᠲᠤᠷᠮᠤᠯᠵᠠᠵᠤ ᠪᠠᠢᠮᠠᠷ᠃

ᠲᠡᠭᠡᠬᠦ᠌᠎ᠳᠤ ᠪᠢ᠄ 《ᠦᠭᠡᠢ ᠡᠨᠡ ᠬᠡᠤᠬᠡᠳ ᠶᠠᠮᠠᠷ ᠣᠳᠤᠨ᠎ᠳᠤ ᠲᠦᠷᠦᠭ᠌ᠰᠡᠨ ᠬᠡᠤᠬᠡᠳ ᠶᠤᠮ ᠪᠤᠢ!》 ᠭᠡᠵᠦ᠍ ᠤᠤᠯ᠎ᠳᠠᠭᠠᠨ ᠪᠠᠶᠠᠰᠭᠤ᠎ᠳᠠᠭᠠᠨ ᠴᠤ᠌ ᠠᠭᠤᠷᠯᠠᠬᠤ᠎ᠳᠠᠭᠠᠨ ᠴᠤ᠌ ᠶᠠᠷᠢᠳᠠᠭ ᠦᠭᠡ᠎ᠶ᠋ᠢ ᠰᠠᠨᠠᠴᠢᠬᠠᠯ᠎ᠠ᠃ ᠪᠠᠰᠠ ᠭᠠᠵᠠᠷ ᠳᠡᠭᠡᠷ᠎ᠡ ᠬᠡᠴᠢᠨᠡᠨ ᠬᠦᠮᠦᠨ ᠪᠠᠢᠪᠡᠯ ᠲᠡᠭ᠌ᠷᠢ ᠳᠡᠭᠡᠷ᠎ᠡ ᠲᠡᠳᠦᠢᠴᠢᠨᠡᠨ ᠤᠳᠣ ᠪᠠᠢᠳᠠᠭ ᠭᠡᠵᠤ ᠬᠡᠯᠡᠳᠡᠭ ᠪᠠᠢᠭ᠍ᠰᠠᠨ᠎ᠢ ᠰᠠᠨᠠᠯ᠎ᠠ᠃ ᠲᠡᠢᠮᠤ ᠡ᠂ ᠶᠢᠷᠲᠢᠨᠴᠦ᠍᠎ᠶ᠋ᠢᠨ ᠬᠦᠮᠣᠨ ᠨᠢᠭᠡᠪᠦᠷᠢ ᠨᠢᠭᠡ ᠤᠳᠤᠨ ᠤᠷᠳᠤ᠎ᠲᠠᠢ ᠭᠡᠨ᠎ᠡ ᠪᠢᠯᠡ᠃ ᠶᠠᠷᠤᠨᠢ ᠬᠠᠷ᠎ᠠ ᠪᠠᠭ᠎ᠠ᠎ᠠᠴᠠ᠎ᠪᠠᠨ ᠰᠤᠨᠤᠰᠴᠤ᠌ ᠪᠠᠢᠭ᠍ᠰᠠᠨ ᠡᠨᠡ ᠦᠭᠡ᠎ᠶ᠋ᠢ ᠪᠢ ᠬᠡᠵᠢᠶᠡᠳᠡ ᠬᠤᠳᠠᠯ ᠭᠡᠵᠤ ᠪᠣᠳᠣᠳᠠᠭ ᠦᠭᠡᠢ᠃ ᠲᠡᠭᠡᠬᠦᠯᠡᠷ ᠪᠢ ᠳᠡᠷᠲᠡᠭᠡ ᠠᠰᠠᠷ᠎ᠤᠨ ᠳᠡᠭᠡᠭᠦᠷ ᠠᠯᠤᠰ ᠴᠢᠯᠦᠭᠡᠨ᠎ᠳ᠋ᠠᠬᠢ ᠲᠡᠭ᠌ᠷᠢ᠎ᠶ᠋ᠢ ᠱᠢᠷᠲᠡᠨ ᠦᠬᠢᠨ᠎ᠤ᠎ᠪᠠᠨ ᠤᠳᠣ᠎ᠶ᠋ᠢ ᠬᠠᠢᠯ᠎ᠠ᠂ ᠬᠠᠢᠯ᠎ᠠ ᠁ ᠲᠡᠭᠡᠭᠡᠳ ᠬᠠᠢᠵᠤ ᠬᠠᠢᠭᠠᠳ ᠲᠡᠷᠡ᠎ᠬᠦ᠌ ᠬᠠᠮᠤᠭ᠎ᠤᠨ ᠭᠡᠷᠡᠯ᠎ᠲᠠᠢ ᠬᠠᠮᠤᠭ᠎ᠤᠨ ᠲᠤᠮᠤ ᠤᠳᠣ᠎ᠶ᠋ᠢ ᠦᠬᠢᠨ᠎ᠤ ᠮᠢᠨᠢ ᠤᠲᠤ ᠬᠡᠮᠡᠨ ᠪᠣᠳᠣᠯ᠎ᠠ᠃ ᠦᠬᠢᠨ᠎ᠤ ᠤᠳᠤᠨ ᠤᠷᠳᠤᠨ᠎ᠤ ᠰᠠᠭᠤᠳᠠᠯ᠎ᠨᠢ ᠶᠠᠭ ᠯᠡ ᠡᠨᠡ ᠤᠳᠣ ᠬᠡᠮᠡᠨ ᠪᠠᠳᠤᠲᠠᠢ ᠰᠠᠨᠠᠬᠤ᠎ᠳᠤ ᠰᠡᠳᠭᠢᠯ ᠰᠠᠷᠠᠭᠤᠯ ᠭᠡᠭᠡᠬᠡᠨ ᠪᠣᠯᠴᠢᠬᠠᠭ᠍ᠰᠠᠨ ᠲᠤᠩᠭᠠᠯᠠᠭ᠍ᠰᠢᠭᠠᠳ ᠯᠡ ᠢᠷᠡᠪᠡ᠃ ᠮᠢᠨᠤ ᠵᠦᠭ ᠬᠠᠷᠠᠭᠠᠳ ᠲᠤᠷᠮᠤᠰ ᠲᠤᠷᠮᠤᠰ ᠱᠢᠷᠲᠡᠬᠦ᠌ ᠲᠡᠷᠡ ᠭᠡᠷᠡᠯᠲᠦ ᠣᠳᠤ ᠦᠬᠢᠨ᠎ᠢ ᠮᠢᠨᠢ ᠳᠠᠭᠠᠭᠠᠳ ᠬᠤᠯᠠ᠎ᠶ᠋ᠢᠨ ᠨᠤᠲᠤᠭ᠎ᠲᠤ ᠠᠢᠯᠴᠢᠯᠠᠬᠤ᠎ᠳᠠᠭᠠᠨ ᠦᠬᠢᠨ ᠮᠢᠨᠢ ᠱᠢᠭ ᠨᠠᠮᠠᠶ᠋ᠢ ᠰᠠᠨᠠᠵᠤ ᠪᠠᠢᠭ᠎ᠠ ᠪᠠᠢᠬ᠎ᠠ᠃

《ᠤᠶᠠᠷᠠᠮᠠᠳᠠᠭᠠᠢ ᠳᠡᠭᠡᠷ᠎ᠡ᠎ᠪᠠᠨ ᠳᠦᠯᠭᠡᠬᠡᠨ᠂ ᠵᠦᠭᠡᠯᠡᠨ᠂ ᠣᠰᠤᠨ᠎ᠤ ᠤᠷᠣᠰᠭᠠᠯ ᠱᠢᠭ᠋ ᠡᠶᠡᠪᠡᠷᠭᠦᠦ ᠤᠷᠳᠤ ᠪᠣᠯ ᠦᠬᠢᠨ᠎ᠤ ᠤᠷᠳᠤᠨ᠎ᠤ ᠬᠢᠨᠢ᠃ ᠣᠯᠠᠨ᠎ᠤ ᠤᠷᠣᠰᠭᠠᠯ ᠳᠠᠭᠠᠵᠤ ᠳᠡᠷᠪᠡᠨ᠎ᠡ ᠭᠡᠵᠤ ᠪᠠᠢᠳᠠᠭ ᠦᠭᠡᠢ᠃ ᠤᠨᠴᠠᠭᠠᠢ ᠨᠢᠭᠡᠨ ᠮᠦᠷᠦᠭᠡᠳᠦᠯ᠎ᠲᠠᠢ᠂ ᠲᠦᠷᠦᠯᠬᠢ ᠰᠡᠷᠭᠦᠯᠡᠩ᠂ ᠭᠤᠸ᠎ᠠ ᠦᠵᠡᠰᠭᠦᠯᠡᠩ ᠳᠦᠷᠬᠦ᠌᠎ᠲᠠᠢ᠂ ᠳᠦᠷᠦᠯᠬᠢ ᠭᠠᠯᠪᠢᠷ ᠰᠠᠢᠬᠠᠨ ᠪᠡᠶ᠎ᠡ ᠁》 ᠪᠢ ᠳᠡᠷᠭᠡᠲᠡ ᠮᠢᠨᠢ ᠶᠠᠮᠠᠷ ᠴᠤ᠌ ᠨᠢᠭᠤᠯᠲᠠ ᠬᠠᠭᠠᠯᠲᠠ ᠦᠭᠡᠢ ᠭᠢᠯᠠᠯᠵᠠᠬᠤ ᠤᠳᠤᠳ᠎ᠢ ᠱᠢᠷᠳᠡᠨ ᠠᠷᠪᠠᠨ ᠬᠤᠶᠠᠷ ᠤᠷᠳᠤᠨ᠎ᠤ ᠲᠤᠳᠤᠷᠠᠬᠢ ᠦᠬᠢᠨ᠎ᠤ ᠤᠷᠳᠤᠨ᠎ᠤ ᠰᠠᠭᠤᠳᠠᠯ᠎ᠤᠨ ᠲᠤᠬᠠᠢ ᠤᠩᠱᠢᠭ᠍ᠰᠠᠨ᠎ᠢᠶᠠᠨ ᠰᠠᠨᠠᠨ᠎ᠠ᠃

ᠪᠢ ᠪᠠᠰᠠ ᠦᠬᠢᠳ᠎ᠢ ᠪᠣᠷᠬᠠᠨ᠎ᠤ ᠵᠢᠷᠤᠭ᠍ᠰᠠᠨ ᠬᠠᠮᠤᠭ᠎ᠤᠨ ᠭᠤᠸ᠎ᠠ ᠦᠵᠡᠰᠭᠦᠯᠡᠩᠲᠡᠢ ᠵᠢᠷᠤᠭ ᠭᠡᠵᠤ ᠪᠤᠳᠤᠳᠠᠭ᠃ ᠲᠡᠷᠡ ᠵᠢᠷᠤᠭ᠍ᠯᠠᠭ᠍ᠰᠠᠨ ᠭᠤᠸ᠎ᠠ ᠦᠵᠡᠰᠭᠦᠯᠡᠩ ᠵᠢᠷᠤᠭ᠎ᠤᠨ ᠭᠠᠯᠪᠢᠷ ᠳᠦᠷᠬᠦ᠌᠎ᠶ᠋ᠢᠨ ᠴᠠᠭᠠᠨ᠎ᠠ ᠦᠬᠢᠨ ᠬᠦᠮᠦᠨ᠎ᠤ ᠰᠡᠳᠭᠢᠯ᠎ᠤᠨ ᠬᠦᠴᠦ᠍᠂ ᠬᠠᠢᠷ᠎ᠠ᠎ᠶ᠋ᠢᠨ ᠬᠦᠴᠦ᠍᠂ ᠤᠬᠠᠭᠠᠨ᠎ᠤ ᠬᠦᠴᠦ᠍ ᠨᠢᠭᠤᠭ᠍ᠳᠠᠵᠤ ᠪᠠᠢᠳᠠᠭ ᠪᠦᠭᠡᠳ ᠦᠬᠢᠨ ᠬᠦᠮᠦᠨ᠎ᠤ ᠨᠠᠮᠪᠠᠭᠠᠯᠢᠭ᠂ ᠨᠠᠷᠢᠨ ᠰᠢᠷᠢᠨ ᠤᠬᠠᠭᠠᠨ᠎ᠢ᠎ᠨᠢ ᠨᠡᠩ ᠨᠠᠷᠢᠯᠢᠭ ᠨᠡᠩ ᠲᠡᠭᠦᠯᠳᠡᠷ ᠵᠢᠷᠣᠭᠠᠳ ᠠᠷᠣᠣᠬᠠᠨ ᠪᠣᠯᠭᠠᠭ᠍ᠰᠠᠨ ᠪᠠᠢᠳᠠᠭ ᠪᠢᠯᠡ᠃

ᠰᠦᠨᠢ᠎ᠶ᠋ᠢᠨ ᠤᠭ᠍ᠲᠠᠷᠭᠤᠢ ᠨᠠᠮ ᠵᠢᠮ᠎ᠤᠨ ᠲᠤᠮᠳᠠ᠃ ᠲᠡᠷᠡ ᠨᠠᠮ ᠵᠢᠮ ᠪᠠᠢᠳᠠᠯ᠎ᠢ ᠦᠯᠡᠮᠵᠢ᠎ᠶ᠋ᠢᠨ ᠴᠢᠨᠠᠷ ᠪᠦᠬᠦᠢ ᠲᠤᠯᠢ ᠱᠢᠭ᠋ ᠲᠤᠩᠭᠠᠯᠠᠭ ᠣᠳᠣ ᠰᠠᠷᠠᠨ᠎ᠤ ᠭᠡᠷᠡᠯ ᠤᠷᠴᠢᠯᠠᠩ᠎ᠢ ᠤᠯᠠᠮ ᠯᠡ ᠠᠮᠤᠭᠤᠯᠠᠩ ᠲᠠᠢᠪᠣᠩ ᠪᠣᠯᠭᠠᠭ᠍ᠰᠠᠨ ᠮᠡᠲᠦ᠍᠃ 《ᠮᠢᠨᠤ ᠦᠬᠢᠨ ᠬᠢᠴᠢᠶᠡᠯ ᠰᠤᠷᠤᠯᠴᠠᠯᠭ᠎ᠠ ᠴᠢᠨᠢ ᠡᠬᠢᠯᠡᠴᠢᠬᠡᠪᠡᠤ? ᠶᠠᠭᠠᠷᠠᠵᠤ ᠯᠡ ᠪᠠᠢᠨ᠎ᠠ ᠦᠦ!》᠃ ᠰᠤᠷᠭᠠᠭᠤᠯᠢ᠎ᠳᠠᠭᠠᠨ ᠶᠠᠪᠤᠭᠠᠳ ᠬᠡᠳᠦᠬᠡᠨ ᠡᠳᠦᠷ ᠪᠤᠯᠵᠤ ᠪᠠᠢᠭ᠎ᠠ ᠪᠣᠯᠪᠠᠴᠤ᠌ ᠢᠮᠠᠭ᠍ᠳᠠ ᠰᠠᠨᠠᠭ᠎ᠠ ᠪᠣᠯᠳᠠᠭ ᠡᠵᠢ ᠬᠦᠮᠦᠨ᠎ᠤ ᠬᠠᠢᠷᠠᠯᠠᠬᠤ᠎ᠶ᠋ᠢᠨ ᠡᠷᠬᠡ᠎ᠪᠠᠷ ᠠᠰᠠᠭᠤᠭᠠᠳ ᠯᠡ ᠶᠠᠷᠢᠭᠠᠳ ᠯᠡ ᠪᠠᠢᠳᠠᠭ ᠦᠭᠡ᠎ᠪᠠᠨ ᠳᠠᠬᠢᠨ ᠳᠠᠪᠲᠠᠬᠤ᠎ᠪᠠᠨ ᠪᠠᠢᠭ᠍ᠰᠠᠨ ᠦᠭᠡᠢ᠃ ᠲᠡᠷᠡ᠎ᠬᠦ᠌ ᠦᠭᠡ ᠮᠢᠨᠢ ᠱᠣᠣᠭᠢᠬᠤ ᠰᠠᠯᠬᠢᠨ᠎ᠤ ᠬᠡᠮᠨᠡᠯ ᠳᠠᠭᠠᠵᠤ ᠬᠠᠨ ᠤᠷᠴᠢᠯᠠᠩ ᠵᠦᠭ ᠤᠶᠠᠩᠭᠠᠷᠠᠭᠠᠳ ᠦᠬᠢᠨ᠎ᠤ ᠴᠢᠬᠢᠨ᠎ᠳᠤ ᠢᠷᠠᠭᠤ ᠰᠤᠨᠤᠰᠭᠤᠯᠠᠩ᠎ᠲᠠᠢ ᠰᠤᠨᠤᠰᠳᠠᠬᠤ ᠪᠠᠢᠬᠤ ᠳ᠋ᠠ᠃

ᠡᠬᠡ ᠬᠦᠮᠦᠨ᠎ᠤ ᠦᠷ᠎ᠡ᠎ᠳᠡᠭᠡᠨ ᠲᠡᠮᠡᠤᠯᠬᠦ᠌ ᠬᠠᠢᠷ᠎ᠠ᠎ᠶ᠋ᠢᠨ ᠬᠦᠴᠦ᠍ ᠭᠡᠵᠦ᠍ ᠲᠦᠢᠯ᠎ᠤᠨ ᠠᠭᠤᠤ ᠪᠠᠢᠳᠠᠭ᠃ ᠬᠤᠷᠸ᠎ᠠ᠎ᠶ᠋ᠢᠨ ᠮᠠᠭᠤ ᠮᠠᠭᠤᠬᠠᠢ ᠪᠦᠬᠦᠨ᠎ᠢ ᠵᠠᠢᠮᠣᠭᠤᠯᠤᠨ ᠵᠠᠢᠮᠣᠭᠤᠯᠵᠤ ᠰᠠᠢᠨ ᠰᠠᠢᠬᠠᠨ᠎ᠢ ᠬᠦᠰᠡᠭ᠌ᠴᠢ ᠡᠬᠡ ᠬᠦᠮᠦᠨ᠎ᠤ ᠰᠡᠳᠭᠢᠯ᠂ ᠡᠬᠡ ᠬᠦᠮᠦᠨ᠎ᠤ ᠬᠠᠢᠷ᠎ᠠ ᠭᠡᠭ᠌ᠴᠢ᠎ᠶᠢ ᠶᠠᠭᠤ᠎ᠪᠠᠷ ᠴᠤ᠌ ᠵᠦᠢᠷᠯᠡᠵᠦ ᠴᠢᠳᠠᠳᠠᠭ ᠦᠭᠡᠢ᠃ ᠶᠠᠷᠣ ᠨᠢ ᠬᠠᠷᠠᠩᠭᠤᠢ ᠰᠦᠨᠢ ᠬᠠᠷ᠎ᠠ ᠵᠡᠭᠦᠳᠦᠨ᠎ᠠᠴᠠ᠎ᠪᠠᠨ ᠰᠣᠴᠢᠨ ᠰᠡᠷᠡᠭᠡᠳ 《ᠡᠵᠢ ᠡ!》 ᠬᠡᠮᠡᠨ ᠳᠠᠭᠤᠳᠠᠬᠤ᠎ᠳᠤ ᠡᠬᠡ᠎ᠶ᠋ᠢᠨ ᠰᠡᠳᠭᠢᠯ ᠬᠡᠳᠦᠢᠨ ᠬᠦᠷᠴᠦ᠍ ᠤᠴᠢᠭᠠᠳ ᠲᠠᠢᠳᠭᠤᠷᠠᠭᠤᠯᠵᠤ ᠪᠠᠢᠳᠠᠭ ᠰᠠᠨ᠃

ᠪᠢ ᠰᠠᠨᠠᠮᠰᠠᠷ ᠦᠭᠡᠢ 《ᠦᠬᠢᠨ ᠮᠢᠨᠢ》 ᠬᠡᠮᠡᠨ ᠱᠢᠪᠡᠨᠡᠪᠡ᠃ ᠭᠡᠬᠦ᠌᠎ᠳᠤ ᠬᠠᠮᠢᠭ᠎ᠠ ᠨᠢᠭᠡᠨᠲᠡᠭᠡ᠎ᠠᠴᠠ ᠵᠠᠯᠠᠭᠤ ᠬᠦᠮᠦᠨ᠎ᠤ ᠤᠮᠤᠭ᠍ᠯᠠᠩ ᠪᠠᠷᠳᠠᠮ ᠦᠩᠬᠡ ᠪᠦᠬᠦᠢ 《ᠡᠵᠢ ᠡ》 ᠬᠡᠮᠡᠬᠦ᠌ ᠡᠩᠬᠦᠷᠡᠢ ᠳᠠᠭᠤᠨ ᠬᠠᠷᠢᠭᠤ ᠲᠤᠳᠦ ᠲᠤᠳᠤᠬᠠᠨ ᠲᠤᠭᠤᠯᠳᠠᠬᠤ᠎ᠨᠢ ᠶᠠᠭᠠᠬᠢᠭ᠍ᠰᠠᠨ ᠬᠦᠭ᠌ᠵᠢᠮᠯᠢᠭ ᠢᠷᠠᠭᠤᠬᠠᠨ ᠡ! ᠲᠡᠢᠮᠤ ᠡ᠂ ᠲᠡᠷᠡ᠎ᠨᠢ ᠦᠬᠢᠨ᠎ᠤ ᠲᠡᠨᠳᠡ᠎ᠠᠴᠠ ᠢᠷᠡᠭ᠌ᠰᠡᠨ ᠭᠠᠷ ᠤᠲᠠᠰᠤᠨ᠎ᠳᠤ ᠤᠷᠣᠵᠤ ᠢᠷᠡᠵᠦ᠍ ᠪᠣᠢ ᠴᠢᠮᠡᠭᠡ᠎ᠨᠢ ᠶᠤᠮ ᠱᠢᠦ᠃

《ᠡᠵᠢ ᠡ᠂ ᠡᠨᠡ ᠡᠳᠦᠷ ᠪᠢ ᠬᠤᠲᠠ ᠲᠤᠭᠤᠷᠢᠭᠠᠳ ᠴᠢᠮᠠᠳᠤ ᠨᠢᠭᠡᠨ ᠰᠤᠨᠳᠤᠷ ᠠᠪᠤᠭ᠍ᠰᠠᠨ᠂ ᠰᠤᠪᠣᠳᠤᠨ ᠰᠤᠨᠲᠤᠷ᠃ ᠤᠤᠯ᠎ᠨᠢ ᠡᠬᠡᠴᠤᠤᠯ᠎ᠤᠨ ᠪᠠᠶᠠᠷ᠎ᠢᠶᠠᠷ ᠬᠡᠯᠡᠶ᠎ᠡ ᠭᠡᠵᠦ᠍ ᠪᠣᠳᠤᠭ᠍ᠰᠠᠨ ᠶᠤᠮ᠃ ᠭᠡᠪᠡᠴᠦ᠍ ᠡᠨᠡ ᠰᠠᠢᠬᠠᠨ ᠶᠠᠭᠤᠮ᠎ᠠ᠎ᠶ᠋ᠢ ᠬᠠᠷᠠᠬᠤ᠎ᠪᠠᠷ ᠯᠡ ᠲᠤᠲᠤᠷ᠎ᠠ ᠭᠤᠪᠤᠭᠤᠨᠠᠭᠠᠳ ᠬᠡᠯᠡᠬᠦ᠌ ᠦᠭᠡᠢ ᠪᠣᠯ ᠪᠣᠯᠬᠤ ᠦᠭᠡᠢ ᠮᠡᠲᠦ᠍᠂ ᠬᠢ᠎ᠬᠢ ᠁ ᠡᠵᠢ ᠮᠢᠨᠢ ᠲᠠ ᠯᠠᠪ ᠪᠠᠭ᠍ᠠᠷᠬᠠᠨ᠎ᠠ ᠳ᠋ᠠ!》 ᠭᠡᠬᠦ᠌ ᠴᠢᠮᠡᠭᠡ ᠨᠠᠮᠠᠶ᠋ᠢ ᠤᠯᠠᠮ ᠬᠠᠢᠷ᠎ᠠ᠎ᠶ᠋ᠢᠨ ᠭᠦᠨ᠎ᠳᠤ ᠴᠠᠯᠭᠢᠭᠤᠯᠤᠨ ᠴᠠᠯᠭᠢᠭᠤᠯᠤᠨ᠎ᠠ᠃

ᠪᠢ ᠬᠡᠢ ᠬᠦᠰᠡᠯ ᠳ᠋ᠡᠭᠡᠨ ᠰᠡᠳᠭᠢᠯ᠎ᠤᠨ ᠳᠤᠲᠤᠭᠠᠳᠦ ᠶᠢᠷᠲᠢᠨᠴᠦ᠍᠎ᠪᠠᠷ ᠠᠶᠠᠯᠠᠯ᠎ᠠ᠃ ᠲᠡᠭᠡᠬᠦ᠌᠎ᠳᠡᠭᠡᠨ ᠬᠦᠮᠦᠨ᠎ᠤ ᠯᠡ ᠰᠡᠳᠭᠢᠯ᠎ᠢ ᠬᠦᠳᠡᠯᠭᠡᠬᠦ᠌ ᠬᠠᠢᠷ᠎ᠠ᠎ᠶ᠋ᠢᠨ ᠠᠭᠤᠤ ᠶᠡᠭᠡ ᠬᠦᠴᠦᠨ ᠠᠶ᠎ᠠ ᠳᠠᠭᠤᠤ ᠪᠢᠯᠬᠠᠷᠠᠭ᠍ᠰᠠᠨ ᠤᠳᠤᠳ᠎ᠤᠨ ᠤᠷᠳᠤ᠎ᠶ᠋ᠢᠨ ᠦᠳᠡᠱᠢᠯᠡᠭᠡ᠎ᠳᠤ ᠤᠷᠣᠯᠴᠠᠭ᠍ᠰᠠᠨ ᠮᠡᠲᠦ ᠬᠦᠪᠬᠢᠨ ᠲᠤᠭ᠍ᠲᠤᠯᠣᠭᠠᠳ ᠁

ᠲᠡᠢᠮᠤ ᠡ᠂ ᠦᠬᠢᠨ᠎ᠤ ᠤᠷᠳᠤᠨ᠎ᠤ ᠬᠢᠨᠢ ᠲᠡᠨᠳᠡ᠂ ᠳᠠᠷᠣᠢ ᠤᠭ᠍ᠲᠠᠷᠭᠤᠢ ᠵᠢᠨ ᠤᠷᠣᠨ᠎ᠠ ᠰᠦᠨ ᠳᠠᠯᠠᠢ ᠴᠠᠯᠭᠢᠲᠠᠯ᠎ᠠ ᠰᠠᠢᠬᠠᠨ ᠦᠳᠡᠱᠢᠯᠡᠭᠡ᠂ ᠨᠢᠵᠢᠭᠢᠷ ᠨᠠᠢᠷ ᠬᠤᠷᠢᠮ ᠬᠢᠵᠤ ᠪᠠᠶᠠᠰᠤᠨ ᠪᠠᠢᠬᠤ ᠠᠵᠢ᠃ ᠲᠡᠨᠳᠡ ᠳᠡᠯᠡᠬᠡᠢ᠎ᠶ᠋ᠢᠨ ᠬᠠᠮᠤᠭ᠎ᠤᠨ ᠰᠤᠩᠭᠤᠳᠠᠭ ᠪᠦᠲᠦᠭᠡᠯ ᠪᠣᠯᠬᠤ 《ᠰᠠᠷᠠᠨ᠎ᠤ ᠰᠤᠨᠧᠲ》᠎ᠶ᠋ᠢᠨ ᠢᠷᠠᠭᠤᠬᠠᠨ ᠠᠶᠠᠰ ᠬᠠᠩᠭᠢᠨᠠᠵᠤ ᠲᠡᠷᠡ ᠠᠶᠠᠰ ᠠᠶᠠᠯᠭᠤᠨ ᠲᠤᠮᠳᠠᠭᠤᠷ ᠦᠬᠢᠨ ᠮᠢᠨᠢ ᠬᠠᠮᠤᠭ᠎ᠤᠨ ᠡᠮᠤᠰᠭᠦ ᠲᠤᠷᠠᠲᠠᠢ ᠴᠠᠢᠪᠤᠷ ᠬᠤᠨᠳᠠᠨ ᠲᠤᠷᠭᠠᠨ ᠴᠠᠮᠴᠠ᠎ᠶ᠋ᠢᠨ᠎ᠢᠶᠠᠨ ᠨᠠᠷᠠᠨ ᠰᠠᠷᠠᠨ ᠬᠤᠷᠮᠤᠢ᠎ᠶ᠋ᠢ ᠴᠡᠴᠡᠷᠡᠭᠦᠯᠦᠨ ᠨᠠᠮᠪᠠᠭᠠᠯᠢᠭ ᠠᠯᠬᠤᠭ᠍ᠰᠠᠭᠠᠷ ᠤᠯᠠᠨ᠎ᠠᠴᠠ ᠤᠨᠴᠠᠯᠠᠨ ᠶᠠᠪᠤᠬᠤ᠎ᠨᠢ ᠶᠠᠭᠤᠲᠠᠢ ᠡᠷᠬᠢᠮᠰᠦᠭ᠃ ᠮᠡᠳᠡᠭ᠌ᠰᠡᠨ ᠰᠣᠷᠣᠭ᠍ᠰᠠᠨ᠎ᠢ᠎ᠨᠢ ᠬᠠᠷᠠᠭᠤᠯᠣᠭ᠍ᠰᠠᠨ ᠦᠷᠭᠡᠨ ᠮᠠᠩᠨᠠᠢ᠂ ᠲᠤᠭ᠍ᠳᠠᠭᠤᠬᠠᠨ ᠭᠡᠷᠡᠯᠲᠦᠬᠦ᠌ ᠨᠢᠳᠣ᠎ᠨᠢ ᠤᠬᠠᠭᠠᠯᠢᠭ ᠲᠤᠷᠮᠤᠯᠵᠠᠬᠤ᠎ᠨᠢ ᠶᠠᠭᠤᠲᠠᠢ ᠰᠠᠢᠬᠠᠨ᠃

ᠬᠠᠢᠷ᠎ᠠ ᠬᠦᠷᠦᠭ᠌ᠰᠡᠨ ᠭᠠᠵᠠᠷ ᠰᠡᠳᠭᠢᠯ ᠬᠦᠷᠳᠡᠭ ᠭᠡᠳᠡᠭ ᠳ᠋ᠠ᠃ ᠵᠢᠷᠤᠭ᠎ᠤᠨ ᠠᠭᠠᠳ ᠪᠠᠰᠠ ᠬᠦᠮᠦᠯᠢᠭ ᠤᠷᠤᠱᠢᠬᠤᠢ ᠦᠬᠢᠨ᠎ᠤ ᠤᠷᠳᠤᠨ᠎ᠤ᠎ᠬᠢᠨ᠎ᠤ ᠨᠠᠷᠭᠢᠶᠠᠨ ᠬᠦᠭ᠌ᠵᠢᠶᠡᠨ ᠠᠶ᠎ᠠ ᠳᠠᠭᠤᠤ ᠶ᠋ᠢ ᠴᠢᠩᠨᠠᠬᠤ᠎ᠳᠠᠭᠠᠨ ᠪᠢ ᠮᠠᠰᠢ ᠲᠤᠭ᠍ᠳᠤᠯᠣᠨᠠᠮ᠃ ᠵᠢᠪᠬᠤᠭᠠᠯᠢᠭ ᠲᠡᠭᠦᠯᠳᠡᠷ ᠲᠡᠳᠡᠭᠡᠷ ᠬᠦᠮᠦᠰ᠎ᠤᠨ ᠦᠯᠢᠭᠡᠷ ᠲᠤᠮᠤᠭ᠎ᠤᠨ ᠮᠡᠲᠦ ᠠᠷᠣᠣᠬᠠᠨ ᠳᠠᠷᠣᠣᠬᠠᠨ ᠭᠠᠯᠪᠢᠷ ᠴᠤᠭ᠍ᠴᠠᠰ᠎ᠢ ᠬᠠᠷᠠᠭᠠᠳ ᠦᠪᠡᠷ᠎ᠢ᠎ᠪᠠᠨ ᠦᠯᠦ᠍ ᠤᠬᠠᠭᠠᠷᠠᠨ ᠬᠦᠭ᠌ᠰᠡᠬᠦ᠌ ᠮᠢᠨᠢ ᠬᠦᠭᠡᠷᠦᠬᠦᠢ!ᠮᠦᠷᠦᠭᠡᠳᠦᠯ ᠳᠤᠷᠠᠰᠤᠯ᠎ᠢ ᠠᠯᠢ ᠬᠡᠵᠢᠶᠡᠨᠡᠢ ᠠᠶ᠎ᠠ ᠳᠠᠭᠤᠤ᠎ᠳᠠᠭᠠᠨ ᠠᠭᠤᠰᠭᠠᠨ ᠰᠤᠭ᠍ᠲᠤᠭᠠᠬᠤ ᠦᠬᠢᠨ᠎ᠤ ᠤᠷᠳᠤᠨ᠎ᠤ ᠨᠢᠵᠢᠭᠡᠷ ᠨᠠᠢᠷ ᠬᠤᠷᠢᠮ᠎ᠤᠨ ᠨᠠᠷᠭᠢᠶᠠᠨ᠎ᠳᠤ ᠠᠵᠠ ᠵᠢᠷᠭᠠᠯ᠎ᠢ ᠬᠦᠷᠲᠡᠭᠡᠳ ᠬᠦᠬᠢᠨ ᠬᠦᠬᠢᠬᠦ᠌ ᠮᠢᠨᠢ ᠶᠠᠭᠤᠲᠠᠢ ᠪᠠᠭ᠍ᠠᠷᠬᠠᠯᠲᠠᠢ ᠁

ᠪᠢ ᠦᠬᠢᠨ᠎ᠤ᠎ᠪᠠᠨ ᠪᠠᠭ᠎ᠠ᠎ᠶ᠋ᠢᠨ ᠦᠶ᠎ᠡ᠎ᠶ᠋ᠢᠨ ᠪᠠᠢᠳᠠᠯ᠎ᠢ ᠰᠠᠨᠠᠵᠤ ᠪᠠᠢᠨ᠎ᠠ᠃ 《ᠡᠵᠢ ᠡ᠂ ᠲᠠ ᠨᠠᠮᠠᠶ᠋ᠢ ᠠᠭᠤᠷ ᠬᠦᠷᠬᠦ᠌᠎ᠪᠠᠷ᠎ᠢᠶᠠᠨ ᠬᠦᠷᠦᠭᠡᠷᠡᠢ!ᠲᠤᠬᠠᠢ᠎ᠶ᠋ᠢᠨ ᠦᠶ᠎ᠡ᠎ᠳᠤ ᠲᠠᠨ᠎ᠳᠤ ᠠᠭᠤᠷᠯᠠᠭ᠍ᠳᠠᠭᠠᠳ ᠲᠤᠲᠤᠷ᠎ᠠ ᠲᠤᠷ᠎ᠠ ᠦᠭᠡᠢᠴᠡᠯ ᠬᠦᠷᠴᠦ᠍ ᠪᠠᠢᠳᠠᠭ ᠴᠤ᠌ ᠰᠡᠭᠦᠯᠡᠷ᠎ᠨᠢ ᠡᠷᠭᠢᠴᠡᠭᠦᠯᠦᠨ ᠪᠤᠳᠣᠪᠠᠯ ᠲᠠᠨ᠎ᠤ ᠬᠡᠯᠡᠭ᠌ᠰᠡᠨ ᠬᠠᠱᠢᠯᠠ ᠵᠦᠪ!》

ᠤᠬᠠᠭᠠᠯᠢᠭ ᠬᠡᠤᠬᠡᠳ ᠭᠡᠵᠤ ᠡᠢᠮᠤ ᠳ᠋ᠠ! ᠬᠡᠯᠡᠭ᠌ᠰᠡᠨ ᠦᠭᠡ᠎ᠶ᠋ᠢ ᠮᠢᠨᠢ ᠡᠷᠭᠢᠴᠡᠭᠦᠯᠦᠨ ᠪᠣᠲᠤᠬᠤ ᠤᠬᠠᠭᠠᠨ᠎ᠲᠠᠢ᠂ ᠦᠪᠡᠷ᠎ᠢ᠎ᠪᠠᠨ ᠦᠪᠡᠷᠳᠡᠭᠡᠨ ᠱᠢᠭᠦᠬᠦ᠌ ᠤᠬᠠᠮᠰᠠᠷ᠎ᠲᠠᠢ᠃ ᠲᠡᠢᠮᠤ ᠡ᠂ ᠬᠦᠮᠦᠨ ᠬᠦᠮᠦᠨ᠎ᠳᠤ ᠬᠡᠯᠡᠭ᠌ᠳᠡᠵᠦ᠍ ᠪᠠᠢᠵᠤ ᠦᠰᠳᠡᠭ᠃ ᠬᠠᠷᠢᠨ ᠬᠦᠮᠦᠨ᠎ᠳᠤ ᠬᠡᠯᠡᠭ᠌ᠳᠡᠬᠦ᠌᠎ᠳᠡᠭᠡᠨ ᠰᠠᠢᠨ ᠬᠢᠭᠡᠳ ᠰᠠᠭᠠᠷ᠎ᠢ᠎ᠨᠢ ᠢᠯᠭᠠᠵᠤ ᠰᠠᠯᠭᠠᠵᠤ ᠴᠢᠳᠠᠳᠠᠭ ᠤᠶᠣᠨ ᠪᠣᠳᠣᠯ᠎ᠲᠠᠢ ᠪᠠᠢᠬᠤ᠎ᠨᠢ ᠶᠠᠭᠤᠲᠠᠢ ᠰᠠᠢᠨ ᠠᠵᠢ᠃ ᠬᠦᠮᠦᠨ ᠶᠠᠷᠣ᠎ᠳᠡᠭᠡᠨ ᠶᠠᠭᠤᠮ᠎ᠠ ᠪᠦᠬᠦᠨ᠎ᠳᠤ ᠵᠦᠪ ᠱᠢᠢᠳᠪᠦᠷᠢ ᠵᠦᠪ ᠰᠠᠨᠠᠯ ᠵᠦᠪ ᠵᠦᠢᠯ᠎ᠲᠠᠢ ᠪᠠᠢᠭᠠᠳ ᠪᠠᠢᠳᠠᠭ ᠪᠢᠰᠢ᠃ ᠨᠡᠩ ᠤᠨᠴᠠᠭᠠᠢᠯᠠᠨ ᠬᠦᠮᠦᠨ ᠦᠪᠡᠷ᠎ᠢ᠎ᠪᠠᠨ ᠶᠠᠭᠤ ᠬᠢᠵᠤ ᠶᠠᠭᠤ ᠪᠦᠲᠦᠭᠡᠵᠤ ᠪᠠᠢᠬᠤ᠎ᠪᠠᠨ ᠬᠠᠶᠠ ᠤᠢᠯᠠᠭᠠᠳᠠᠭ ᠦᠭᠡᠢ ᠪᠠᠢᠳᠠᠭ᠃ ᠡᠨᠡ ᠦᠶ᠎ᠡ᠎ᠳᠤ ᠯᠡ ᠤᠷᠴᠢᠨ ᠲᠤᠭᠤᠷᠢᠨ᠂ ᠨᠡᠢᠭᠡᠮ ᠠᠮᠢᠳᠤᠷᠠᠯ᠂ ᠪᠣᠰᠤᠳ᠎ᠤᠨ ᠰᠠᠢᠨ ᠲᠠᠯ᠎ᠠ ᠪᠠ ᠮᠠᠭᠤ ᠲᠠᠯ᠎ᠠ ᠢᠮᠠᠭ᠍ᠲᠠ ᠬᠦᠮᠦᠨ᠎ᠳᠤ ᠤᠯᠠᠨ ᠵᠦᠢᠯ᠎ᠢ ᠮᠡᠳᠡᠷᠡᠭᠦᠯᠵᠤ ᠤᠬᠠᠭᠠᠷᠠᠭᠤᠯᠵᠤ ᠪᠠᠢᠳᠠᠭ ᠳ᠋ᠠ᠃

ᠪᠢ ᠦᠬᠢᠳ᠎ᠢ ᠬᠡᠷᠬᠢᠨ ᠠᠰᠠᠷᠠᠬᠤᠢ᠎ᠶ᠋ᠢᠨ ᠲᠤᠬᠠᠢ ᠬᠡᠷᠬᠢᠨ ᠬᠦᠮᠦᠵᠢᠭᠦᠯᠬᠦᠢ᠎ᠶ᠋ᠢᠨ ᠲᠤᠬᠠᠢ 《ᠦᠬᠢᠳ᠎ᠤᠨ ᠬᠦᠮᠦᠵᠢᠯ》 ᠬᠡᠮᠡᠬᠦ᠌ ᠨᠣᠮ᠎ᠠᠴᠠ ᠬᠠᠷᠠᠭ᠍ᠰᠠᠨ᠎ᠢᠶᠠᠨ ᠰᠠᠨᠠᠵᠤ ᠪᠠᠢᠨ᠎ᠠ᠃ ᠪᠠᠰᠠ ᠡᠷᠲᠡ᠎ᠳᠤ᠄ 《ᠬᠦᠦ ᠬᠦᠮᠦᠨ᠎ᠢ ᠤᠯᠠᠨ᠎ᠤ ᠡᠮᠦᠨ᠎ᠡ᠂ ᠦᠬᠢᠨ ᠬᠦᠮᠦᠨ᠎ᠢ ᠪᠤᠰᠤᠳ᠎ᠠᠴᠠ ᠳᠠᠯᠳᠠ ᠰᠣᠷᠭᠠᠨ᠎ᠠ》 ᠭᠡᠳᠡᠭ ᠦᠭᠡ ᠪᠠᠢᠳᠠᠭ᠎ᠢ ᠰᠠᠨᠠᠵᠤ ᠪᠠᠢᠨ᠎ᠠ᠃ ᠬᠡᠤᠬᠡᠳ ᠦᠬᠢᠳ᠎ᠢ ᠬᠦᠮᠦᠵᠢᠭᠦᠯᠬᠦ᠌᠎ᠳᠤ ᠪᠠᠰᠠ ᠦᠪᠡᠷ᠎ᠢ᠎ᠪᠠᠨ ᠬᠦᠮᠦᠵᠢᠭᠦᠯᠬᠦ᠌ ᠬᠡᠷᠡᠭ᠌ᠲᠡᠢ᠃ ᠵᠦᠪ ᠰᠡᠳᠭᠢᠬᠦᠢ ᠵᠦᠪ ᠦᠵᠡᠯ ᠤᠬᠠᠮᠰᠠᠷ ᠵᠦᠪ ᠰᠠᠨᠠᠭᠤᠯᠤᠮᠵᠢ᠎ᠠᠴᠠ ᠬᠦᠮᠦᠵᠢᠭ᠌ᠳᠡᠭ᠌ᠰᠡᠨ ᠬᠡᠤᠬᠡᠳ ᠡᠷᠴᠢ᠎ᠲᠠᠢ ᠬᠦᠴᠦ᠍᠎ᠲᠠᠢ ᠭᠡᠭᠡᠯᠢᠭ ᠪᠠᠢᠳᠠᠭ ᠶᠤᠮ᠃ ᠦᠬᠢᠳ᠎ᠤᠨ ᠬᠦᠮᠦᠵᠢᠯ ᠪᠣᠯ ᠬᠠᠢᠷ᠎ᠠ᠎ᠶ᠋ᠢᠨ ᠬᠦᠮᠦᠵᠢᠯ᠂ ᠬᠠᠢᠷ᠎ᠠ᠎ᠶ᠋ᠢᠨ ᠬᠦᠷᠲᠡᠭᠡᠯ᠃ ᠦᠬᠢᠳ᠎ᠲᠠᠢ᠎ᠪᠠᠨ ᠵᠦᠪ ᠬᠠᠷᠢᠴᠠᠵᠤ ᠵᠦᠪ ᠰᠡᠳᠭᠢᠵᠦ ᠵᠦᠪ ᠦᠵᠡᠯ ᠤᠬᠠᠮᠰᠠᠷ᠎ᠲᠠᠢ ᠪᠣᠯᠭᠠᠬᠤ᠎ᠳᠤ ᠯᠡ ᠲᠡᠳᠠ ᠦᠪᠡᠷ᠎ᠤᠨ ᠡᠷᠬᠡ ᠦᠭᠡᠢ ᠬᠦᠴᠦᠷᠬᠡᠭ ᠪᠣᠯᠳᠠᠭ᠃ ᠭᠡᠬᠦ᠌᠎ᠳᠡᠭᠡᠨ ᠪᠢᠳᠡ ᠪᠠᠰᠠ ᠬᠡᠤᠬᠡᠳ᠎ᠤᠨ᠎ᠢᠶᠠᠨ ᠤᠷᠴᠢᠨ᠎ᠳᠤ ᠬᠦᠷᠴᠦ᠍ ᠬᠡᠤᠬᠡᠳ᠎ᠲᠠᠢ᠎ᠪᠠᠨ ᠠᠳᠠᠯᠢᠬᠠᠨ ᠪᠠᠢᠷᠢ᠎ᠳᠤ ᠬᠦᠮᠦᠵᠢᠬᠦ᠌ ᠬᠡᠷᠡᠭ᠌ᠲᠡᠢ ᠶᠤᠮ᠃ ᠶᠠᠭ ᠯᠡ ᠦᠬᠢᠨ ᠮᠢᠨᠢ ᠪᠠᠭ᠎ᠠ ᠨᠠᠰᠤᠨ᠎ᠠᠴᠠ ᠪᠡᠨ ᠲᠤᠮᠤᠭᠠᠵᠢᠯ ᠵᠦᠭ ᠠᠯᠬᠤᠳᠠᠭ ᠪᠣᠯ ᠪᠢᠳᠡ ᠦᠪᠡᠷ᠎ᠢᠶᠠᠨ ᠦᠪᠡᠷ᠎ᠤᠨ ᠬᠡᠤᠬᠡᠳ᠎ᠤᠨ ᠶᠢᠷᠲᠢᠨᠴᠦ᠍᠎ᠳᠡᠭᠡᠨ ᠳᠠᠬᠢᠭᠠᠳ ᠨᠢᠭᠡ ᠬᠦᠷᠴᠦ᠍ ᠤᠴᠢᠳᠠᠭ᠃

ᠠᠮᠢᠳᠣᠷᠠᠯ ᠴᠡᠴᠡᠭ ᠱᠢᠭ ᠪᠠᠢᠳᠠᠭ ᠪᠣᠯᠬᠤᠷ ᠦᠨᠦᠷ᠎ᠨᠢ ᠢᠮᠠᠭ᠍ᠲᠠ ᠰᠣᠷᠭᠤᠭ ᠰᠣᠳᠤᠨ ᠶᠤᠮᠰᠠᠨ᠃ ᠤᠳᠣ ᠮᠡᠲᠦ ᠭᠡᠷᠡᠯ᠎ᠲᠠᠢ ᠬᠡᠤᠬᠡᠳ᠎ᠤᠳ ᠡᠨᠡ ᠠᠮᠢᠳᠤᠷᠠᠯ᠎ᠤᠨ ᠴᠡᠴᠡᠭ᠎ᠢᠶᠠᠨ ᠬᠦᠰᠡᠯ ᠮᠦᠷᠦᠭᠡᠳᠦᠯ᠎ᠢᠶᠠᠷ᠎ᠢᠶᠠᠨ ᠠᠷᠠᠴᠢᠯᠠᠵᠤ ᠵᠠᠯᠠᠭᠤ ᠬᠦᠮᠦᠨ᠎ᠤ ᠡᠷᠴᠢ ᠬᠦᠴᠦ᠍ ᠵᠣᠷᠢᠭ ᠵᠤᠯᠪᠣᠭ᠎ᠠ᠎ᠪᠠᠷ᠎ᠢᠶᠠᠨ ᠭᠡᠢᠭᠦᠯᠦᠨ ᠪᠠᠢᠬᠤ᠎ᠪᠠᠷ ᠲᠡᠭ᠌ᠷᠢ᠎ᠶ᠋ᠢᠨ ᠣᠳᠤᠳ ᠮᠡᠲᠦ ᠭᠡᠷᠡᠯ᠎ᠨᠢ ᠰᠠᠶ᠎ᠠ ᠪᠤᠮᠠᠨ ᠵᠦᠭ ᠰᠠᠴᠤᠷᠠᠬᠤ ᠦᠭᠡᠢ ᠶᠠᠭᠠᠬᠢᠬᠤ ᠪᠤᠢ! ᠤᠷᠴᠢᠯᠠᠩ ᠤ᠋ᠨ ᠭᠠᠵᠠᠷ ᠪᠦᠬᠦᠨ ᠲᠤᠨᠤᠷᠠᠨ ᠲᠦᠭᠡᠭᠡᠳ ᠦᠵᠡᠰᠭᠦᠯᠡᠩ᠎ᠢ ᠪᠦᠲᠦᠭᠡᠬᠦ᠌ ᠦᠭᠡᠢ ᠶᠠᠭᠠᠬᠢᠬᠤ ᠪᠤᠢ!

ᠠᠮᠢᠳᠤᠷᠠᠯ᠎ᠳᠤ ᠬᠦᠯ ᠲᠠᠯᠪᠢᠬᠤ ᠭᠡᠳᠡᠭ ᠰᠠᠢᠬᠠᠨ᠃ ᠦᠪᠡᠷ᠎ᠤᠨ ᠭᠡᠰᠡᠨ ᠵᠠᠮ  ᠶ᠋ᠢᠡᠷ ᠦᠪᠡᠷ᠎ᠢᠶᠠᠨ ᠶᠠᠪᠤᠵᠤ ᠪᠠᠢᠵᠤ ᠭᠠᠷᠭᠠᠳᠠᠭ᠃ ᠲᠡᠷᠡ ᠵᠠᠮ ᠱᠢᠯᠤᠭᠤᠨ ᠴᠤ᠌ ᠪᠠᠢ ᠲᠠᠷᠳᠠᠩ ᠴᠤ᠌ ᠪᠠᠢ᠂ ᠮᠦᠨ ᠮᠤᠷᠣᠢ ᠰᠠᠷᠤᠢ ᠴᠤ᠌ ᠪᠠᠢ᠂ ᠶᠠᠪᠤᠭᠠᠳ ᠯᠡ ᠪᠠᠢᠬᠤ᠎ᠳᠤ ᠠᠮᠵᠢᠯᠲᠠ ᠡᠮᠤᠨ᠎ᠡ ᠴᠢᠨᠢ ᠢᠨᠢᠶᠡᠮᠰᠦᠭ᠌ᠯᠡᠨ ᠵᠤᠭ᠍ᠰᠣᠨ᠎ᠠ ᠳ᠋ᠠ᠃ ᠬᠡᠳᠦᠢᠪᠡᠷ ᠬᠦᠮᠦᠨ᠎ᠤ ᠭᠠᠵᠠᠷ᠎ᠤᠨ ᠬᠦᠷᠦᠰᠦ ᠬᠠᠲᠠᠭᠤ ᠪᠠᠢᠯ᠎ᠠ ᠴᠤ᠌ ᠭᠡᠰᠡᠨ ᠬᠦᠷᠦᠨ᠎ᠡ ᠬᠢᠨ᠎ᠡ ᠭᠡᠰᠡᠨ ᠬᠦᠮᠦᠨ᠎ᠳᠤ ᠠᠮᠢᠳᠤᠷᠠᠯ ᠡᠯᠢᠭᠡ᠎ᠪᠠᠨ ᠳᠡᠯᠭᠡᠭᠡᠳ ᠦᠭ᠌ᠭᠦᠨ᠎ᠡ᠃

ᠨᠢᠭᠡ ᠬᠡᠤᠬᠡᠳ᠄ 《ᠡᠵᠢ ᠡ᠂ ᠪᠢ ᠦᠪᠡᠷ᠎ᠲᠡᠭᠡᠨ ᠲᠤᠬᠢᠷᠠᠭ᠍ᠰᠠᠨ ᠰᠠᠢᠨ ᠬᠠᠨᠢ᠎ᠶ᠋ᠢ ᠶᠠᠭᠠᠬᠢᠵᠤ ᠣᠯᠬᠤ ᠪᠤᠢ?》 ᠭᠡᠵᠦ ᠠᠰᠠᠭᠤᠵᠤ ᠭᠡᠨ᠎ᠡ᠃ ᠲᠡᠭᠡᠬᠦ᠌᠎ᠳᠤ ᠡᠵᠢ᠎ᠨᠢ᠄ 《ᠰᠠᠢᠨ ᠬᠠᠨᠢ ᠣᠯᠬᠤ ᠲᠠᠯ᠎ᠠ᠎ᠪᠠᠷ ᠪᠢᠲᠡᠭᠡᠢ ᠵᠣᠪᠠ᠃ ᠬᠠᠷᠢᠨ ᠦᠪᠡᠷ᠎ᠢᠶᠠᠨ ᠡᠬᠢᠯᠡᠭᠡᠳ ᠰᠠᠢᠨ ᠬᠦᠮᠦᠨ ᠪᠣᠯᠬᠤ᠎ᠶ᠋ᠢᠨ ᠲᠤᠯᠠᠳᠠ ᠬᠢᠴᠢᠶᠡᠬᠦ᠌᠎ᠳᠤ ᠯᠡ ᠪᠤᠯᠤᠭ᠎ᠠ》 ᠭᠡᠵᠤ ᠬᠠᠷᠢᠭᠤᠯᠣᠭ᠍ᠰᠠᠨ ᠭᠡᠨ᠎ᠡ᠃

ᠲᠡᠢᠮᠤ ᠡ᠂ ᠬᠦᠮᠦᠨ ᠦᠪᠡᠷ᠎ᠢᠶᠠᠨ ᠰᠠᠢᠨ ᠬᠦᠮᠦᠨ ᠪᠣᠯᠬᠤ᠎ᠶ᠋ᠢᠨ ᠲᠤᠯᠠᠳᠠ ᠬᠢᠴᠢᠶᠡᠬᠦ᠎ᠳᠤ ᠯᠡ ᠠᠯᠢᠪᠠ ᠶᠠᠭᠤᠮ᠎ᠠ ᠠᠶᠠᠨᠲᠠᠭᠠᠨ ᠰᠠᠢᠨ ᠪᠣᠯᠤᠭ᠎ᠠ ᠯᠡ᠃

ᠨᠠᠷᠠᠨ ᠰᠠᠷᠠᠨ ᠤᠳᠤ ᠪᠣᠯ ᠤᠷᠴᠢᠯᠠᠩ᠎ᠤᠨ᠎ᠬᠢ᠃ ᠤᠶᠣᠨ ᠣᠬᠠᠭᠠᠨ ᠤᠷᠠᠨ ᠰᠠᠨᠠᠭ᠎ᠠ ᠮᠡᠳᠡᠯᠭᠡ ᠮᠡᠳᠡᠴᠡ᠎ᠪᠠᠨ ᠰᠡᠯᠪᠢᠵᠤ ᠪᠠᠢᠵᠤ ᠬᠦᠮᠦᠨ ᠪᠣᠯᠳᠠᠭ ᠬᠡᠤᠬᠡᠳ ᠤ᠋ᠨ ᠬᠦ᠍ᠢ᠍ᠷᠴᠤ᠌ ᠤᠴᠢᠬᠤ ᠶᠢᠷᠲᠢᠨᠴᠦ᠃

ᠭᠠᠷ ᠣᠲᠠᠰᠤᠨ᠎ᠳᠤ ᠵᠠᠬᠢᠶ᠎ᠠ ᠤᠷᠣᠵᠤ ᠢᠷᠡᠵᠤ ᠪᠠᠢᠨ᠎ᠠ᠃ ᠲᠤᠭ᠎ᠠ ᠲᠤᠮᠰᠢ ᠦᠭᠡᠢ ᠣᠳᠤᠨ᠎ᠤ ᠭᠡᠷᠡᠯ᠎ᠳᠤ ᠲᠤᠨᠣᠯᠵᠠᠨ ᠪᠦᠬᠦᠢ ᠦᠵᠡᠰᠭᠦᠯᠡᠩᠲᠦ ᠬᠤᠲᠠ᠂ ᠦᠩᠭᠡ ᠪᠦᠷᠢ᠎ᠶ᠋ᠢᠨ ᠳ᠋ᠧᠩ᠎ᠤᠨ ᠭᠡᠷᠡᠯ᠎ᠢᠶᠠᠷ ᠭᠤᠶᠣᠭ᠍ᠰᠠᠨ ᠰᠠᠢᠬᠠᠨ ᠦᠬᠢᠨ᠎ᠤ ᠵᠢᠷᠤᠭ ᠮᠢᠨᠤ ᠡᠮᠦᠨ᠎ᠡ ᠢᠨᠢᠶᠡᠮᠰᠦᠭ᠌ᠯᠡᠨ ᠪᠠᠢᠨ᠎ᠠ᠃ ᠢᠱ᠌ᠢ᠂ ᠮᠠᠭᠤ ᠦᠬᠢᠨ ᠮᠢᠨᠢ ᠭᠠᠷ᠎ᠢᠶᠠᠨ ᠭᠠᠨᠵᠤᠭᠠᠨ᠎ᠳᠤ ᠬᠦᠯ᠎ᠢᠶᠠᠨ ᠳᠦᠷᠦᠭᠡᠨ᠎ᠳᠤ ᠬᠦᠷᠭᠡᠬᠦ᠌ ᠭᠡᠭ᠌ᠴᠢ ᠬᠠᠲᠠᠭᠤᠬᠠᠨ ᠠᠶᠠᠨ᠂ ᠰᠠᠢᠬᠠᠨ ᠴᠤ᠌ ᠠᠶᠠᠨ ᠶᠤᠮ ᠱᠢᠤ! ᠴᠢᠷᠮᠠᠢ ᠳ᠋ᠠ!

ᠪᠢ ᠮᠦᠨ ᠯᠡ ᠭᠡᠭᠡᠪᠴᠢ᠎ᠪᠠᠷ ᠭᠠᠳᠠᠭ᠍ᠰᠢ ᠬᠠᠷᠠᠨ ᠵᠤᠭ᠍ᠰᠤᠭ᠍ᠰᠠᠭᠠᠷ᠃ ᠪᠣᠳᠤᠯ᠂ ᠭᠠᠳᠠᠨ᠎ᠠ ᠤᠷᠴᠢᠯᠠᠩ᠎ᠤᠨ ᠭᠡᠷᠡᠯ ᠭᠡᠭᠡ ᠨᠠᠮᠠᠶ᠋ᠢ  ᠱᠤᠭᠤᠮᠠᠯᠯᠠᠭᠰᠠᠨ ᠬᠡᠪ᠎ᠲᠡᠭᠡᠨ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号