ᠡᠪᠦᠯ ᠭᠡᠭ᠌ᠴᠢ ᠴᠠᠭᠠᠨ ᠨᠢᠭᠤᠬ᠍ᠳᠠᠯᠤᠨ ᠳᠠᠷᠠᠭᠠᠬᠢ ᠴᠠᠰᠤᠨ᠎ᠤ ᠢᠯᠡ ᠴᠡᠴᠡᠭ᠎ᠤᠳ ᠶᠣᠮ
ᠴᠠᠩᠬ᠎ᠠ᠎ᠨᠢ ᠬᠦᠳᠡᠯᠦᠭ᠌ᠰᠡᠨ ᠪᠦᠮᠪᠦᠷᠴᠡᠭ᠎ᠤᠨ ᠴᠠᠭᠤᠷᠯᠠᠵᠤ ᠬᠠᠰᠭᠢᠴᠢᠬ᠍ᠰᠠᠨ ᠰᠠᠯᠬᠢ ᠶᠣᠮ
ᠡᠪᠦᠯ ᠭᠡᠭ᠌ᠴᠢ ᠲᠡᠪᠡᠨᠡ᠎ᠶ᠋ᠢᠨ ᠰᠦᠪᠡ᠎ᠪᠠᠷ ᠦᠯᠢᠶᠡᠭ᠌ᠰᠡᠨ ᠬᠦᠢᠲᠡᠨ ᠲᠡᠢᠨ᠎ᠤ ᠪᠦᠷᠢᠶ᠎ᠡ ᠶᠣᠮ
ᠲᠡᠮᠡᠭᠡᠨ ᠵᠤᠬ᠍ᠳᠤᠷᠲᠤ ᠬᠠᠯᠠᠩᠬᠢᠷᠠᠬ᠍ᠰᠠᠨ ᠲᠠᠪᠬᠤᠷ ᠤᠷᠤᠭᠤᠯ᠎ᠲᠠᠢ ᠤᠷᠢᠶ᠎ᠠ ᠶᠣᠮ
ᠡᠪᠦᠯ ᠬᠡᠭ᠌ᠴᠢ ᠠᠷᠠᠭᠠᠨ᠎ᠳᠤ ᠱᠢᠯᠦᠰᠦ ᠬᠤᠷᠠᠭᠤᠯᠤᠭ᠍ᠰᠠᠨ ᠬᠦᠯᠳᠡᠭᠦᠦ ᠠᠯᠢᠮ᠎ᠠ᠎ᠶ᠋ᠢᠨ ᠠᠮᠲᠠ ᠶᠣᠮ
ᠠᠪᠳᠠᠷ᠎ᠠ᠎ᠶ᠋ᠢᠨ ᠦᠨᠦᠷ᠎ᠢᠶᠠᠨ ᠰᠠᠳᠠᠷᠠᠭᠠᠬ᠍ᠰᠠᠨ ᠬᠤᠨᠢᠨ ᠨᠡᠬᠡᠢ᠎ᠶ᠋ᠢᠨ ᠦᠡᠭ᠌ᠭᠡ ᠶᠣᠮ
ᠡᠪᠦᠯ ᠬᠡᠭ᠌ᠴᠢ ᠬ᠋ᠤᠮᠤᠳᠠᠯᠢᠶᠠᠷ ᠬᠦᠷᠢᠶᠡᠯᠡᠭ᠌ᠰᠡᠨ ᠰᠠᠷᠠᠨ᠎ᠤ ᠮᠠᠷᠭᠠᠰᠢ᠎ᠨᠢ ᠵᠠᠳᠠᠷᠠᠬᠤ ᠤᠴᠠᠭᠠᠷ ᠶᠣᠮ
ᠬ᠋ᠤᠷᠪᠠᠨ ᠨᠠᠷᠠᠲᠠᠢ ᠱᠢᠩᠭᠡᠭ᠌ᠰᠡᠨ ᠳᠦᠷᠪᠡᠳᠡᠭ᠌ᠴᠢ ᠲᠦᠢᠯ ᠱᠢᠭ ᠦᠳᠡᠰᠢ ᠶᠣᠮ
ᠡᠪᠦᠯ ᠬᠡᠭ᠌ᠴᠢ ᠡᠭᠦᠯᠡᠨ ᠬᠡᠳᠤ ᠨᠦᠭᠡᠯᠬᠢᠯᠡᠭ᠌ᠰᠡᠨ ᠠᠭᠤᠯᠠᠰ᠎ᠤᠨ ᠨᠦᠮᠵᠦᠭ ᠰᠡᠭᠦᠳᠡᠷ ᠶᠣᠮ
ᠡᠪᠦᠭᠡᠳ᠎ᠤᠨ ᠰᠠᠬᠠᠯ ᠲᠡᠭᠡᠷ᠎ᠡ ᠲᠤᠰᠤᠷᠬᠠᠬ᠍ᠰᠠᠨ ᠦᠯᠢᠭᠡᠷ᠎ᠤᠨ ᠱᠢᠷᠭᠠᠯ ᠬᠡᠭᠡ ᠶᠣᠮ
ᠡᠪᠦᠯ ᠬᠡᠭ᠌ᠴᠢ ᠦᠶᠡᠷᠯᠡᠳᠡᠭ ᠦᠬᠡᠢ ᠭᠤᠤᠯ᠎ᠤᠨ ᠡᠪᠴᠢᠭᠦᠨ᠎ᠳᠤᠨᠢ ᠲᠡᠪᠲᠦᠭ᠌ᠰᠡᠨ ᠦᠭᠡ ᠶᠣᠮ
ᠦᠵᠢᠷᠡᠳᠡᠭ ᠦᠬᠡᠢ ᠡᠪᠡᠰᠦᠨ᠎ᠤ ᠦᠵᠦᠭᠦᠷ᠎ᠲᠤ᠎ᠨᠢ ᠲᠦᠷᠡᠯᠵᠡᠭ᠌ᠰᠡᠨ ᠰᠤᠷ ᠶᠣᠮ
ᠡᠪᠦᠯ ᠬᠡᠭ᠌ᠴᠢ ᠰᠤᠢᠵᠤ ᠬᠤᠨᠤᠭ᠍ᠰᠠᠨ ᠬᠦᠯᠦᠭ᠎ᠤᠨ ᠦᠷᠢ ᠴᠠᠪᠴᠢᠯᠠᠭ᠍ᠰᠠᠨ ᠲᠤᠭᠤᠷᠠᠢ ᠶᠣᠮ
ᠰᠤᠪᠤᠷᠠᠵᠤ ᠪᠤᠴᠠᠭ᠍ᠰᠠᠨ ᠬᠤᠨᠢᠳ᠎ᠤᠨ ᠦᠳᠡᠰᠢ᠎ᠶ᠋ᠢ ᠬᠡᠪᠢᠭ᠌ᠰᠡᠨ ᠠᠢᠵᠠᠮ ᠶᠣᠮ
ᠡᠪᠦᠯ ᠬᠡᠭ᠌ᠴᠢ ᠬᠦᠯᠳᠡᠭᠦᠰᠦ ᠡᠭᠦᠷᠦᠭ᠌ᠰᠡᠨ ᠠᠬ᠎ᠠ᠎ᠶ᠋ᠢᠨ ᠬᠦᠢᠲᠡᠨ᠎ᠳᠤ ᠤᠰᠤᠭᠤᠬ᠍ᠰᠠᠨ ᠬᠠᠴᠠᠷ ᠶᠣᠮ
ᠬᠡᠢᠷᠬᠡᠵᠦ᠍ ᠭᠦᠶᠦᠭ᠌ᠰᠡᠨ ᠲᠡᠭᠦᠦ᠍ᠶ᠋ᠢᠨ ᠴᠢᠬᠢ᠎ᠪᠠᠨ《 ᠦᠨᠦᠰᠦᠭᠦᠯᠦᠭ᠌ᠰᠡᠨ 》ᠦᠯᠢᠭᠡᠷ ᠶᠣᠮ
ᠡᠪᠦᠯ ᠭᠡᠭ᠌ᠴᠢ ᠰᠤᠷᠭᠠᠭᠤᠯᠢ ᠲᠡᠷᠬᠠᠬ᠍ᠰᠠᠨ ᠬᠡᠤᠬᠡᠳ᠎ᠤᠨ ᠴᠠᠭᠠᠰᠢ᠎ᠪᠠᠨ ᠪᠢᠯᠠᠭᠤᠳᠠᠬ᠍ᠰᠠᠨ ᠲᠠᠰᠭᠠᠯ ᠶᠣᠮ
ᠴᠠᠰᠤ᠎ᠲᠠᠢ ᠨᠤᠴᠤᠯᠳᠤᠭ᠍ᠰᠠᠨ ᠤᠷᠭᠤᠮᠠᠯ᠎ᠤᠨ ᠪᠤᠷᠪᠢ᠎ᠨᠢ ᠰᠠᠭᠤᠭ᠍ᠰᠠᠨ ᠬ᠋ᠤᠲᠤᠯ ᠶᠣᠮ
ᠡᠪᠦᠯ ᠬᠡᠭ᠌ᠴᠢ ᠦᠷ᠎ᠡ᠎ᠪᠠᠨ ᠰᠤᠢᠯᠠᠭᠤᠯᠤᠬ᠍ᠰᠠᠨ ᠪᠤᠤᠬᠠᠢ᠎ᠶ᠋ᠢᠨ ᠦᠱᠢᠶᠡ ᠠᠪᠤᠭ᠍ᠰᠠᠨ ᠤᠯᠠᠢᠷᠠᠯ ᠶᠣᠮ
ᠶᠢᠰᠦ᠎ᠶ᠋ᠢᠨ ᠲᠤᠬ᠍ᠰᠢᠨ ᠪᠤᠤᠷ᠎ᠠ᠎ᠶ᠋ᠢᠨ ᠡᠵᠡᠨ᠎ᠢᠶᠠᠨ ᠲᠠᠨᠢᠬᠤ ᠦᠬᠡᠢ ᠲᠦᠯᠡᠢᠷᠡᠯ ᠶᠣᠮ
ᠡᠪᠦᠯ ᠬᠡᠭ᠌ᠴᠢ ᠡᠮᠡᠭᠡ᠎ᠶ᠋ᠢᠨ ᠤᠳᠠᠰᠤᠨ ᠡᠭᠡᠷᠡᠤᠯ ᠱᠢᠭ ᠶᠠᠭᠠᠷᠠᠤᠬᠠᠨ ᠡᠷᠭᠢᠭ᠌ᠰᠡᠨ ᠡᠳᠦᠷ᠎ᠤᠳ ᠶᠣᠮ
ᠡᠪᠦᠭᠡ᠎ᠶ᠋ᠢᠨ ᠲᠠᠪᠤᠰᠤᠨ ᠠᠶᠠᠨ ᠱᠢᠬ ᠠᠭᠠᠵᠢᠮᠬᠠᠨ ᠶᠤᠭᠤᠬ᠍ᠰᠠᠨ ᠰᠦᠨᠢ ᠨᠤᠭᠦᠳ ᠶᠣᠮ
ᠡᠪᠦᠯ ᠬᠡᠭ᠌ᠴᠢ ᠰᠠᠷ᠎ᠠ᠎ᠳᠠᠭᠠᠨ ᠨᠢᠭᠡ ᠲᠤᠩᠱᠢᠭᠤᠯᠵᠤ ᠬ᠋ᠠᠯᠭᠢᠳᠠᠬ ᠬᠤᠷᠱᠢᠶᠠᠨ᠎ᠤ ᠬᠠᠭᠤᠴᠢᠨ ᠵᠠᠮ ᠶᠣᠮ
ᠵᠢᠯ᠎ᠳᠡᠭᠡᠨ ᠨᠢᠭᠡ ᠡᠷᠭᠢᠯᠲᠡ᠎ᠪᠠᠷ ᠬ᠋ᠠᠨᠵᠤᠭᠠᠯᠠᠳᠠᠬ ᠦᠬᠡᠷ᠎ᠤᠨ ᠱᠢᠨᠡᠬᠡᠨ ᠡᠪᠴᠢᠭᠦᠦ ᠶᠣᠮ
ᠡᠪᠦᠯ ᠬᠡᠭ᠌ᠴᠢ ᠵᠢᠪᠠᠷ᠎ᠢᠶᠠᠷ ᠠᠷᠢᠭᠤᠰᠴᠤ᠌ ᠴᠡᠯᠮᠡᠳᠡᠭ ᠤᠮᠠᠷᠠᠲᠤ᠎ᠶ᠋ᠢᠨ ᠴᠠᠩᠭᠡᠷ ᠠᠭᠠᠷ ᠶᠣᠮ
ᠵᠤᠳ᠎ᠢᠶᠠᠷ ᠴᠠᠯᠪᠠᠢᠵᠤ ᠪᠦᠷᠬᠦ᠋ᠢᠳᠡᠭ ᠡᠮᠦᠨᠡᠲᠦ᠍᠎ᠶ᠋ᠢᠨ ᠤᠰᠤᠨ ᠮᠡᠯᠮᠡᠢ ᠶᠣᠮ
ᠡᠪᠦᠯ ᠬᠡᠭ᠌ᠴᠢ ᠬᠠᠪᠤᠷ᠎ᠢ ᠵᠢᠷᠮᠦᠰᠦᠯᠡᠭ᠌ᠰᠡᠨ ᠪᠠᠢᠭᠠᠯᠢ᠎ᠶ᠋ᠢᠨ ᠲᠤᠩᠱᠢᠯᠲᠠ ᠶᠡᠬᠡᠳᠡᠢ ᠬᠡᠪᠡᠯᠢ ᠶᠣᠮ
ᠬᠠᠯᠠᠭᠤᠨ᠎ᠳᠠᠭᠠᠨ ᠬᠠᠯᠲᠣᠷᠢᠭ᠍ᠰᠠᠨ ᠵᠤᠨ᠎ᠤ ᠬᠠᠢᠷ᠎ᠠ᠎ᠳᠠᠭᠠᠨ ᠢᠴᠡᠭᠡᠯᠡᠭ᠌ᠰᠡᠨ ᠵᠡᠭᠦᠳᠦ ᠶᠣᠮ
ᠡᠪᠦᠯ ᠬᠡᠭ᠌ᠴᠢ ᠬᠤᠨᠳᠠᠭᠠᠨ ᠳᠤᠲᠤᠷ᠎ᠠ᠎ᠠᠴᠠ ᠤᠷᠭᠤᠭ᠍ᠰᠠᠨ ᠬ᠋ᠤᠷᠪᠠᠨ ᠹᠦ᠋᠎ᠶ᠋ᠢᠨ ᠨᠠᠷᠠ ᠶᠣᠮ
ᠬᠤᠷᠤᠭᠤᠨ ᠦᠨᠳᠡᠭᠡᠨ᠎ᠠᠴᠠ ᠲᠡᠯᠭᠡᠷᠡᠭ᠌ᠰᠡᠨ ᠬ᠋ᠤᠷᠪᠠ ᠶᠢᠰᠦ᠎ᠶ᠋ᠢᠨ ᠴᠡᠴᠡᠭ ᠶᠣᠮ
ᠡᠪᠦᠯ ᠬᠡᠭ᠌ᠴᠢ ᠰᠦᠨᠢ᠎ᠶ᠋ᠢᠨ ᠬᠦᠨ᠎ᠢᠶᠠᠷ ᠡᠷᠭᠢᠭ᠌ᠰᠡᠨ ᠬᠤᠯᠠ᠎ᠶ᠋ᠢᠨ ᠠᠨᠢᠷ᠎ᠤᠨ ᠮᠠᠨᠠᠭ᠎ᠠ ᠶᠣᠮ
ᠰᠤᠨᠢᠭᠤᠴᠢ ᠬᠠᠯᠲᠠᠷ᠎ᠤᠨ ᠰᠤᠨᠤᠷᠯᠠᠬ᠍ᠰᠠᠨ ᠰᠠᠷᠠᠨ ᠵᠦᠭ᠎ᠤᠨ ᠬᠤᠴᠠᠬ᠋ᠠ ᠶᠣᠮ
ᠡᠪᠦᠯ ᠬᠡᠭ᠌ᠴᠢ ᠠᠯᠠᠪᠡᠯ ᠮᠢᠬ᠎ᠠ᠂ ᠠᠯᠳᠠᠪᠠᠯ ᠪᠠᠬ᠎ᠠ — ᠠᠪᠠ᠎ᠶ᠋ᠢᠨ ᠬᠦᠭᠡᠰᠦᠷᠡᠭ᠌ᠰᠡᠨ ᠰᠠᠨᠠᠭ᠎ᠠ ᠶᠣᠮ
ᠲᠠᠲᠠᠪᠠᠯ ᠲᠠᠷᠠᠬ᠂ ᠲᠠᠯᠪᠢᠪᠠᠯ ᠲᠠᠷᠭᠤ — ᠬᠤᠰᠠᠷᠠᠩ᠎ᠤᠨ ᠬᠦᠭᠡᠷᠦᠭᠦᠯᠦᠭ᠌ᠰᠡᠨ ᠰᠦ ᠶᠣᠮ
ᠡᠪᠦᠯ ᠬᠡᠭ᠌ᠴᠢ ᠤᠷᠠᠬ᠎ᠠ ᠲᠠᠰᠤᠳᠠᠭ᠍ᠰᠠᠨ ᠲᠠᠤᠯᠠᠢ᠎ᠶ᠋ᠢᠨ ᠱᠢᠷᠬᠠᠪᠠᠷᠢᠶᠠᠨ ᠠᠮᠢᠰᠭᠤᠯᠯᠠᠭ᠍ᠰᠠᠨ ᠡᠷᠬᠡ ᠴᠢᠯᠦᠭᠡ ᠶᠣᠮ
ᠰᠠᠬᠰᠣᠷᠭᠠ ᠨᠦᠮᠦᠷᠢᠳᠡᠭ᠌ᠰᠡᠨ ᠵᠡᠭᠡᠷ᠎ᠡ᠎ᠶ᠋ᠢᠨ ᠵᠤᠪᠠᠯᠢᠶᠠᠷᠢᠶᠠᠨ ᠪᠦᠯᠢᠶᠡᠯᠡᠭ᠌ᠰᠡᠨ ᠡᠩᠬᠡ ᠠᠮᠣᠷ ᠶᠣᠮ
ᠡᠪᠦᠯ ᠬᠡᠭ᠌ᠴᠢ ᠨᠤᠲᠤᠭ ᠰᠠᠬᠢᠭ᠍ᠰᠠᠨ ᠪᠤᠯᠵᠤᠮᠤᠷ᠎ᠤᠨ ᠨᠢᠳᠦᠨ᠎ᠳᠡᠭᠡᠨ ᠨᠢᠭᠤᠵᠤ ᠡᠷᠢᠭ᠌ᠰᠡᠨ ᠬ᠋ᠠᠯ ᠬ᠋ᠠᠷᠠᠬ ᠶᠣᠮ
ᠨᠡᠭᠦᠵᠦ᠍ ᠵᠡᠯᠡᠯᠡᠭ᠌ᠰᠡᠨ ᠬ᠋ᠠᠯᠠᠭᠤᠳᠤᠨ ᠵᠢᠭᠦᠷᠲᠡᠭᠡᠨ ᠰᠦᠡᠭ᠌ᠨᠡᠵᠦ᠍ ᠦᠯᠡᠳᠡᠭᠡᠭ᠌ᠰᠡᠨ ᠠᠯᠲᠠᠨ ᠬ᠋ᠠᠷᠠᠬ ᠶᠣᠮ
ᠡᠪᠦᠯ ᠬᠡᠭ᠌ᠴᠢ ᠡᠵᠢ᠎ᠶ᠋ᠢᠨ ᠲᠤᠭᠠᠯᠠᠭᠰᠠᠨ ᠡᠷᠢᠬᠡ ᠱᠢᠭ ᠵᠠᠭᠤ ᠨᠠᠢ᠍ᠮᠠᠨ ᠦᠢᠯᠡ ᠦᠷ᠎ᠡ᠎ᠶ᠋ᠢᠨ ᠦᠵᠡᠭᠦᠯᠪᠦᠷᠢ ᠶᠣᠮ
ᠠᠪᠤ᠎ᠶ᠋ᠢᠨ ᠬᠠᠢᠯᠠᠭ᠍ᠰᠠᠨ ᠲᠤᠤᠯᠢ ᠱᠢᠬ ᠵᠠᠭᠤ ᠨᠠᠢ᠍ᠮᠠᠨ ᠪᠠᠭᠠᠲᠤᠷ ᠠᠷᠠᠨᠱᠢᠨᠤ ᠲᠠᠲᠠᠯᠠᠪᠤᠷᠢ ᠶᠣᠮ
ᠡᠪᠦᠯ ᠬᠡᠭ᠌ᠴᠢ ᠲᠤᠷᠠᠲᠠᠢ ᠦᠶ᠎ᠡ᠎ᠳᠡᠭᠡᠨ ᠱᠢᠭᠤᠷᠭ᠎ᠠ ᠰᠦᠷᠴᠦ᠍ ᠦᠭ᠌ᠰᠦᠭ᠌ᠰᠡᠨ ᠨᠢᠴᠦᠭᠦᠨ ᠬ᠋ᠠᠯᠵᠠᠭᠤᠷᠠᠯ ᠶᠣᠮ
ᠲᠤᠷ᠎ᠠ ᠦᠭᠡᠢ ᠦᠶ᠎ᠡ᠎ᠳᠡᠭᠡᠨ ᠲᠤᠬ᠍ᠳᠤᠢᠳᠠᠭᠠᠨ ᠱᠢᠷᠭᠢᠵᠣ ᠵᠢᠮᠢᠰᠯᠡᠭ᠌ᠰᠡᠨ ᠳᠠᠢᠪᠣᠷᠢ ᠣᠬᠠᠭ᠍ᠳᠠᠬᠤᠨ ᠶᠣᠮ