ᠵᠦᠩ᠎ᠤᠨ ᠴᠡᠩᠬᠡᠷ ᠲᠠᠯ᠎ᠠ
2025-12-10 10:00:09
ᠵᠣᠬᠢᠶᠠᠭ᠍ᠴᠢ᠄
ᠬ᠋᠊·ᠪᠢᠯᠢᠭ᠌ᠪᠡᠭᠠᠳᠤᠷ
ᠣᠩᠱᠢᠭ᠍ᠰᠠᠨ ᠣᠳᠠᠭ᠎ᠠ᠄
★★★☆☆

ᠵᠢᠬᠦᠷ ᠰᠤᠯᠢᠳᠠᠨ ᠠᠮᠠᠷᠠᠬᠤ ᠵᠦᠩ᠎ᠤᠨ ᠴᠡᠩᠭᠡᠷ ᠲᠠᠯ᠎ᠠ ᠮᠢᠨᠢ

ᠵᠢᠪᠡᠷ ᠰᠦᠷᠦᠨ ᠲᠦᠷᠡᠯᠵᠡᠬᠦ᠌ ᠵᠤᠷᠢᠭ ᠢᠳᠡᠭᠡᠯ᠎ᠤᠨ ᠭᠠᠯ ᠮᠢᠨᠢ

ᠵᠠᠢᠮᠤᠭ᠍ᠰᠠᠨ ᠪᠤᠳᠤᠯ᠎ᠢᠶᠠᠨ ᠠᠷᠭᠠᠳᠠᠬᠤ᠎ᠳᠤ ᠵᠡᠬᠦᠳᠦᠨ᠎ᠳᠤ ᠬᠦᠭᠡᠷᠡᠬᠦ᠌ ᠰᠦᠯ ᠮᠢᠨᠢ

ᠵᠠᠢᠷᠯᠠᠭ᠍ᠰᠠᠨ ᠨᠢᠯᠪᠤᠰᠤ᠎ᠪᠠᠨ ᠲᠡᠪᠴᠢᠬᠦ᠌᠎ᠳᠤ ᠵᠢᠷᠦᠭᠡᠨ᠎ᠳᠤ ᠠᠰᠠᠬᠤ ᠵᠤᠯᠠ ᠮᠢᠨᠢ ᠡ!

ᠬᠦᠷᠡᠩ ᠲᠤᠯᠤᠭᠠᠢ᠎ᠶ᠋ᠢᠨ ᠰᠡᠬᠦᠳᠡᠷ᠎ᠨᠢ ᠬᠡᠦᠱᠢᠯᠡᠬᠦ᠌ ᠨᠢᠭᠡᠨ ᠦᠵᠡᠮᠵᠢ

ᠬᠤᠨᠳᠠᠭᠠᠨ ᠴᠡᠴᠡᠭ᠎ᠤᠨ ᠱᠢᠬᠦᠳᠡᠷᠢ᠎ᠨᠢ ᠡᠭ᠌ᠰᠢᠬᠦ᠌ ᠠᠯᠳᠠᠨ ᠬᠤᠷᠤᠮ

ᠵᠡᠷᠭᠡᠯᠭᠡᠨ᠎ᠳᠤ ᠤᠮᠪᠠᠭ᠍ᠤ ᠰᠦᠷᠦᠭ᠎ᠨᠢ ᠠᠮᠤᠷ ᠠᠮᠤᠭᠤᠯᠠᠩ᠎ᠤᠨ ᠵᠢᠷᠤᠭ

ᠵᠡᠯᠡᠨ᠎ᠳᠤ ᠴᠤᠪᠬᠤᠴᠢᠬᠤ ᠤᠨᠠᠭ᠎ᠠ᠎ᠨᠢ ᠠᠵᠠ ᠬᠡᠢᠮᠦᠷᠢ᠎ᠶ᠋ᠢᠨ ᠰᠦᠭ ᠡ!

ᠠᠷᠭᠠᠯ᠎ᠤᠨ ᠴᠤᠭ ᠲᠡᠭᠡᠷ᠎ᠡ ᠲᠠᠷᠭᠢᠯᠠᠬᠤ ᠴᠠᠢ᠎ᠶ᠋ᠢᠨ ᠠᠮᠳᠠ᠎ᠨᠢ ᠠᠩᠬᠢᠯᠤᠭᠤᠨ

ᠠᠭᠠᠷ ᠰᠦᠯᠡᠨ ᠲᠤᠨᠤᠷᠠᠬᠤ ᠤᠳᠤᠭ᠎ᠠ᠎ᠨᠢ ᠬᠦᠷᠳᠡᠯ᠎ᠡ ᠠᠷᠢᠭᠤᠨ᠃

ᠵᠢᠷᠬᠢᠨ ᠲᠤᠩᠭᠤᠳᠭᠤ ᠱᠢᠪᠠᠭᠤᠳ᠎ᠨᠢ ᠨᠡᠷᠡᠨ᠎ᠤ ᠰᠤᠯᠤᠩᠭᠠᠨ ᠡᠭᠡᠱᠢᠭ᠎ᠲᠠᠢ

ᠵᠢᠬᠢᠨ ᠬᠤᠷᠳᠤᠯᠠᠬᠤ ᠬᠦᠯᠦᠭ᠎ᠨᠢ ᠵᠠᠳᠠᠭᠠᠢ ᠰᠤᠮᠤᠨ ᠬᠠᠳᠠᠷᠢᠶ᠎ᠠ᠎ᠲᠠᠢ

ᠬᠦᠢ ᠲᠠᠷᠤᠭ᠍ᠰᠠᠨ ᠴᠢᠯᠠᠭᠤ᠎ᠨᠢ ᠭᠠᠵᠠᠷ᠎ᠤᠨ ᠬᠦᠭᠡ ᠮᠡᠩᠭᠡ᠎ᠲᠠᠢ

ᠬᠦᠰᠡᠯ ᠬᠠᠷᠪᠤᠭ᠍ᠰᠠᠨ ᠬᠢᠵᠠᠭᠠᠷ᠎ᠨᠢ ᠲᠡᠭ᠌ᠷᠢ᠎ᠶ᠋ᠢᠨ ᠴᠡᠮᠢᠨ ᠦᠩᠭᠡ᠎ᠲᠠᠢ

ᠡᠬᠦᠯᠡ ᠰᠠᠯᠬᠢᠨ ᠨᠠᠢᠷᠠᠮᠳᠠᠭ᠍ᠰᠠᠨ ᠴᠡᠰᠤ ᠪᠤᠷᠤᠭᠠᠨ᠎ᠤ ᠬᠡᠱᠢᠭ᠎ᠲᠠᠢ

ᠠᠭᠤᠯᠠ ᠤᠰᠤᠨ ᠠᠷᠢᠭᠤᠰᠣᠭ᠍ᠰᠠᠨ ᠰᠠᠴᠤᠯᠢ ᠡᠷᠬᠦᠯ᠎ᠤᠨ ᠲᠠᠯᠠᠯᠭ᠎ᠠ᠎ᠲᠠᠢ

ᠮᠦᠷ ᠮᠦᠩᠬᠡᠯᠡᠨ ᠲᠤᠨᠢᠶᠠᠷᠳᠤᠬᠤ ᠮᠦᠷᠦᠭᠡᠳᠦᠯ᠎ᠤᠨ ᠴᠡᠩᠬᠡᠷ ᠲᠠᠯ᠎ᠠ ᠮᠢᠨᠢ

ᠮᠦᠷᠦ᠍᠎ᠶ᠋ᠢ᠎ᠨᠢ ᠲᠦᠱᠢᠨ ᠲᠠᠢᠪᠤᠱᠢᠷᠠᠬᠤ ᠮᠦᠩᠬᠡ᠎ᠶ᠋ᠢᠨ ᠲᠠᠪᠢᠯᠠᠩᠳᠤ ᠪᠠᠯ ᠮᠢᠨᠢ

ᠰᠡᠮᠡᠷᠡᠭ᠌ᠰᠡᠨ ᠵᠠᠶᠠᠭ᠎ᠠ᠎ᠪᠠᠨ ᠲᠡᠭ᠌ᠰᠢᠯᠡᠬᠦ᠌᠎ᠳᠤ ᠰᠡᠳᠭᠢᠯ᠎ᠳᠤ ᠨᠠᠮᠢᠷᠠᠬᠤ ᠲᠤᠭ ᠮᠢᠨᠢ

ᠰᠡᠩᠰᠡᠷᠡᠭ᠌ᠰᠡᠨ ᠮᠠᠨᠠᠨ᠎ᠳᠤ ᠲᠦᠭᠡᠷᠢᠬᠦ᠌᠎ᠳᠤ ᠰᠡᠷᠡᠯ᠎ᠳᠤ ᠤᠷᠭᠤᠬᠤ ᠵᠦᠭ ᠮᠢᠨᠢ ᠡ!

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号