ᠠᠮᠢ ᠨᠠᠰᠣᠨ᠎ᠤ ᠴᠡᠪᠡᠷᠬᠡᠨ ᠨᠢᠬᠡᠨ ᠦᠷ ᠬᠠᠶᠠᠭᠠᠷᠡᠨ ᠰᠡᠷᠡᠬᠦ᠌᠎ᠪᠠᠷ ᠴᠠᠰᠣ ᠣᠷᠣᠭ᠍ᠰᠡᠨᠢ ᠮᠡᠳᠡᠯ᠎ᠡ᠃ ᠪᠢᠯᠵᠣᠣᠬᠠᠢ᠎ᠶ᠋ᠢᠨ ᠡᠬᠦᠷ᠎ᠤᠨ ᠬᠢᠷᠢ ᠪᠣᠷᠣ ᠪᠠᠯᠭᠠᠰᠣ ᠮᠢᠨᠢ ᠨᠢᠬᠡ ᠯᠡ ᠦᠳᠡᠰᠢ᠎ᠶ᠋ᠢᠨ ᠴᠢᠯᠣᠬᠡᠨᠳᠤ ᠮᠦᠩᠬᠦᠨ ᠴᠠᠭᠠᠨ ᠲᠣᠮᠤᠭ᠎ᠤᠨ ᠶᠢᠷᠳᠢᠨᠴᠦ᠍᠎ᠳᠤ ᠨᠡᠬᠦᠬᠡᠳ ᠢᠷᠡᠴᠢᠬᠡᠭ᠌ᠰᠡᠨ ᠮᠡᠳᠣ᠃ ᠦᠳᠡ ᠪᠣᠯᠬᠤ᠎ᠶ᠋ᠢᠨ ᠬᠢᠷᠢ ᠦᠬᠢᠨ᠎ᠲᠠᠢ᠎ᠪᠠᠨ ᠬᠤᠶᠠᠭᠤᠯᠠ᠎ᠪᠠᠨ ᠴᠠᠰᠣ ᠲᠡᠬᠦᠬᠦ᠌᠎ᠪᠠᠷ ᠭᠠᠷᠣᠯ᠎ᠠ᠃ 《ᠴᠡᠰᠣ ᠲᠡᠬᠦᠬᠦ᠌》 ᠬᠡᠵᠦ᠍ ᠡ᠂ ᠦᠷᠦᠬᠡᠨ᠎ᠳᠤ ᠲᠡᠯᠬᠡᠷᠡᠵᠦ᠍ ᠪᠠᠢᠭ᠎ᠠ ᠬᠡᠳᠣᠨ ᠦᠵᠡᠮᠵᠢ᠎ᠶ᠋ᠢᠨ ᠣᠷᠭᠤᠮᠡᠯ ᠲᠡᠭᠡᠷ᠎ᠡ᠎ᠪᠠᠨ ᠴᠠᠰᠣᠨ᠎ᠤ ᠱᠢᠮ᠎ᠡ᠎ᠶ᠋ᠢ ᠬᠦᠷᠳᠡᠬᠡᠬᠦ᠌ ᠬᠡᠰᠡᠨ ᠶᠤᠮ᠃
— ᠸᠠ᠂ ᠶᠠᠮᠡᠷ ᠰᠠᠢᠬᠠᠨ ᠴᠠᠰᠣ ᠶᠤᠮ ᠪᠣᠢ ᠬᠡᠵᠦ᠍ ᠦᠬᠢᠨ ᠮᠢᠨᠢ ᠡᠷᠪᠡᠬᠡᠢ ᠱᠢᠭ ᠬᠦᠶᠦᠬᠡᠳ ᠰᠡᠯᠡᠬᠦᠴᠡᠯ᠎ᠤᠨ ᠴᠢᠯᠠᠭᠤᠨ ᠱᠢᠷᠡᠭᠡᠨ ᠲᠡᠭᠡᠷᠡᠬᠢ ᠬᠤᠷᠣᠭᠤ ᠬᠢᠷᠢ ᠵᠣᠵᠠᠭᠠᠨ ᠴᠠᠰᠣ᠎ᠶ᠋ᠢ ᠨᠠᠳᠠ᠎ᠠᠴᠠ ᠠᠰᠠᠭᠤᠯ ᠦᠭᠡᠢ᠎ᠪᠠᠷ ᠱᠢᠭᠤᠳ ᠠᠮᠳᠠᠯᠠᠴᠢᠬᠠᠬᠤᠨᠢ ᠲᠠᠷᠡ᠃
— ᠬᠦᠶᠢ᠂ ᠭᠤᠯᠣᠣ᠂ ᠡᠨᠡ ᠴᠠᠰᠣ ᠪᠣᠵᠡᠷ ᠱᠢᠣ᠃ ᠢᠳᠡᠵᠦ᠍ ᠪᠣᠯᠬᠤ ᠦᠭᠡᠢ! ᠬᠡᠵᠦ᠍ ᠵᠠᠩᠳᠣᠷᠬᠤᠳᠤ᠂
— ᠡᠵᠢ ᠡ᠂ ᠴᠠᠰᠣ ᠡᠢᠮᠣ ᠴᠠᠭᠠᠬᠠᠨ ᠪᠠᠢᠳᠠᠯᠡ ᠶᠠᠭᠠᠬᠢᠭᠠᠳ ᠪᠣᠵᠡᠷ ᠬᠡᠵᠦ᠍ ᠬᠡᠯᠡᠬᠦ᠌ ᠪᠣᠢ᠃ ᠴᠠᠰᠣ ᠴᠣᠬᠤᠮ ᠶᠠᠭᠠᠬᠢᠵᠦ᠍ ᠪᠦᠷᠢᠯᠳᠦᠭ᠌ᠰᠡᠨ ᠶᠤᠮ ᠪᠣᠢ ᠬᠡᠵᠦ᠍ ᠪᠢᠴᠢᠬᠠᠨ ᠬᠡᠯᠡ ᠪᠠᠨ ᠭᠠᠷᠭᠠᠭᠠᠳ ᠪᠠᠰᠠ ᠲᠣᠯᠢᠶᠠᠭᠠᠳ ᠵᠠᠪᠳᠣᠴᠢᠬᠠᠵᠠᠢ᠃
— ᠴᠢ ᠭᠡᠵᠦ᠍ ᠡ᠂ ᠦᠷᠣᠮᠡ ᠲᠣᠯᠢᠶᠠᠴᠢᠬᠠᠭ᠍ᠰᠡᠨ ᠬᠡᠮᠡᠷ᠃ ᠪᠢ ᠴᠢᠮᠠᠶ᠋ᠢ ᠲᠠᠭᠠᠭᠤᠯᠣᠨ ᠪᠠᠷᠠᠭᠤᠨ ᠠᠭᠤᠯᠡᠨ ᠤ ᠪᠠᠳᠣᠴᠠᠭᠠᠨᠤ ᠣᠢ ᠶ᠋ᠢᠨ ᠲᠡᠨᠳᠡ ᠣᠴᠢᠶᠡ᠃ ᠴᠠᠰᠣ ᠴᠣᠬᠤᠮ ᠶᠠᠭᠠᠬᠢᠵᠦ᠍ ᠪᠦᠷᠢᠯᠳᠦᠭ᠌ᠰᠡᠨ ᠢ ᠲᠡᠨᠳᠡ ᠣᠴᠢᠭᠠᠳ ᠬᠠᠷᠢᠭᠤᠯᠵᠦ᠍ ᠦᠭ᠌ᠬᠦᠶᠡ᠃ ᠲᠡᠨᠳᠡᠬᠢ ᠴᠠᠰᠣ ᠴᠡᠪᠡᠷᠬᠡᠨ ᠮᠦᠷᠳᠡᠭᠡᠨ ᠮᠦᠰᠦᠮᠡᠭ ᠬᠡᠮᠡᠷᠬᠡᠨ ᠠᠮᠳᠠ᠎ᠲᠠᠢ ᠱᠢᠣ᠃
— ᠪᠣᠯᠣᠨ᠎ᠡ᠂ ᠡᠵᠢ ᠡ ᠬᠡᠵᠦ᠍ ᠦᠬᠢᠨ᠎ᠤ ᠮᠢᠨᠢ ᠪᠠᠶᠠᠷᠯᠡᠨ ᠲᠡᠪᠬᠡᠴᠡᠬᠦ᠌ᠶ᠋ᠢ ᠬᠠᠷᠠᠬᠤ᠎ᠳᠤ ᠦᠪᠡᠷ᠎ᠤᠨ ᠪᠠᠭ᠎ᠠ ᠨᠠᠰᠣᠨ᠎ᠤ ᠬᠡᠨᠡᠨ ᠬᠦᠬᠡᠷᠦᠭᠦᠨ ᠲᠦᠷᠢ ᠴᠦ᠍ ᠨᠢᠳᠣᠨ᠎ᠳᠤ ᠦᠵᠡᠭ᠌ᠳᠡᠭᠡᠳ ᠢᠷᠡᠯ᠎ᠡ᠃
ᠴᠠᠰᠣ ᠪᠣᠯ ᠴᠠᠭᠠᠨ ᠱᠢᠬᠢᠷ ᠬᠡᠯᠳᠡᠢ᠃ ᠲᠡᠬᠦᠨ᠎ᠢ ᠡᠪᠣᠯ ᠡᠮᠡᠬᠡᠨ ᠵᠦᠪᠬᠡᠨ ᠡᠪᠣᠯ᠎ᠤᠨ ᠣᠯᠡᠷᠢᠯ᠎ᠳᠤ ᠰᠠᠶᠢ ᠠᠭᠠᠷ ᠲᠡᠭ᠌ᠷᠢ᠎ᠠᠴᠠ ᠪᠠᠭᠤᠵᠦ᠍ ᠢᠷᠡᠬᠦᠯᠳᠡᠭ ᠰᠠᠨ᠃ ᠲᠡᠬᠡᠬᠦ᠌ᠳᠤ ᠠᠯᠢ ᠨᠢᠬᠡ ᠱᠢᠯᠦᠭ᠌ᠴᠢ᠎ᠠᠴᠠ 《ᠡᠪᠣᠯ ᠱᠢᠬᠢᠷ ᠪᠣᠯᠵᠦ᠍ ᠠᠯᠠᠭᠠᠨ ᠲᠡᠭᠡᠷ᠎ᠡ ᠮᠢᠨᠢ ᠣᠨᠡᠪᠡ》 ᠬᠡᠵᠦ᠍ ᠪᠢᠴᠢᠵᠦ᠍ ᠪᠠᠢᠭ᠍ᠰᠡᠨ ᠰᠢᠬ᠃ ᠦᠬᠢᠨ ᠲᠠᠢ ᠪᠠᠨ ᠪᠠᠷᠠᠭᠤᠨ ᠠᠭᠤᠯᠡᠨᠤ ᠪᠠᠳᠣᠴᠠᠭᠠᠨᠤ ᠣᠢ᠎ᠳᠤ ᠬᠦᠷᠬᠦ᠌ ᠪᠠᠷ ᠲᠡᠨᠳᠡᠬᠢ ᠴᠠᠰᠣ ᠮᠦᠩᠬᠦᠨ ᠴᠠᠭᠠᠨ ᠶᠢᠷᠳᠢᠨᠴᠦ᠍᠎ᠳᠤ ᠱᠢᠨᠡᠬᠡᠨ ᠪᠠᠭᠤᠯᠭᠠᠭ᠍ᠰᠡᠨ ᠱᠢᠨ᠎ᠡ ᠪᠡᠷᠢ᠎ᠶ᠋ᠢᠨ ᠴᠢᠷᠠᠢ ᠱᠢᠬ ᠨᠡᠷᠡᠨ᠎ᠳᠤ ᠬᠢᠯᠳᠠᠭᠠᠨᠠ᠃
— ᠡᠵᠢ ᠡ᠂ ᠬᠠᠪᠣᠷ᠂ ᠵᠣᠨ᠂ ᠨᠠᠮᠣᠷ᠂ ᠡᠪᠣᠯ ᠡᠨᠡ ᠲᠦᠷᠪᠡᠨ ᠣᠯᠡᠷᠢᠯᠢ ᠠᠯᠢ ᠵᠢ ᠨᠢ ᠲᠠ ᠬᠠᠮᠤᠭ᠎ᠠᠴᠠ ᠲᠣᠭᠤᠳᠠᠭ ᠪᠣᠢ᠃
— ᠠᠯᠢ ᠣᠯᠡᠷᠢᠯ ᠬᠡᠳ ᠪᠦᠷ ᠲᠡᠬᠦᠨ᠎ᠤ ᠰᠠᠢᠨᠳᠠᠢ ᠲᠡᠯ᠎ᠡ ᠮᠠᠭᠤᠳᠠᠢ ᠲᠠᠯ᠎ᠠ ᠭᠡᠵᠦ᠍ ᠪᠠᠢᠳᠠᠭ᠃ ᠶᠠᠭ ᠬᠦᠮᠦᠨ᠎ᠲᠠᠢ ᠠᠳᠠᠯᠢ᠎ᠪᠠᠷ ᠪᠦᠷᠢᠨ ᠰᠠᠢᠬᠠᠨ ᠪᠠᠢᠳᠠᠭ ᠦᠭᠡᠢ ᠬᠡᠵᠦ᠍ ᠬᠡᠣᠬᠡᠨ᠎ᠳᠡᠭᠡᠨ ᠬᠡᠴᠡᠬᠦᠦ ᠯᠡ ᠬᠦᠨ ᠣᠬᠠᠭᠠᠯᠢᠭ ᠶᠠᠭᠤᠮ᠎ᠡ ᠶᠠᠷᠢᠴᠢᠬᠠᠬᠤᠪᠠᠷᠢᠶᠠᠨ ᠦᠪᠡᠷ᠎ᠢ᠎ᠪᠠᠨ ᠭᠠᠢᠬᠠᠪᠠ᠃
— ᠪᠢ ᠡᠪᠣᠯ᠎ᠳᠤ ᠢᠯᠡᠬᠦᠦ ᠬᠠᠢᠷᠡᠳᠡᠢ᠃ ᠣᠴᠢᠷ᠎ᠨᠢ ᠡᠪᠣᠯ ᠴᠠᠰᠣ ᠣᠷᠣᠨ᠎ᠡ᠃ ᠲᠡᠬᠡᠪᠡᠯ ᠴᠠᠪ ᠴᠠᠭᠠᠨ ᠶᠢᠷᠳᠢᠨᠴᠦ᠍ ᠪᠣᠯᠴᠢᠬᠠᠨ᠎ᠠ᠃ ᠡᠪᠣᠯ ᠡᠮᠡᠬᠡᠨ ᠪᠣᠯ ᠶᠧᠯᠧᠢ᠍ᠴᠢᠨ ᠬᠦᠮᠦᠨ ᠪᠠᠢᠭ᠍ᠰᠡᠨ ᠁
— ᠲᠡᠢᠮᠣ ᠡ᠂ ᠴᠠᠰᠣᠲᠠᠢ ᠡᠪᠣᠯ ᠰᠠᠢᠬᠠᠨ ᠪᠠᠢᠳᠠᠭ ᠱᠢᠣ᠃ ᠲᠡᠬᠢᠵᠦ᠍ ᠬᠡᠯᠡᠪᠡᠯ ᠬᠠᠭᠤᠴᠢᠨ᠎ᠳᠠᠭᠠᠨ ᠨᠠᠰᠣᠳᠠᠢᠴᠣᠳ ᠴᠠᠰᠣ ᠣᠷᠣᠪᠡᠯ ᠬᠠᠨᠢᠶᠠᠳᠣ ᠲᠣᠮᠣᠭᠤ ᠵᠡᠷᠭᠡ ᠡᠯᠳᠡᠪ᠎ᠤᠨ ᠬᠢᠵᠢᠭ ᠲᠠᠬᠤᠯ ᠲᠠᠷᠣᠭ᠍ᠳᠠᠨᠠ ᠬᠡᠳᠡᠭ ᠳ᠋ᠠ᠃
ᠪᠠᠳᠣᠴᠠᠭᠠᠨᠤ ᠣᠢ᠎ᠶ᠋ᠢᠨ ᠲᠣᠮᠳᠠᠭᠤᠷ ᠦᠬᠢᠨ᠎ᠲᠠᠢ᠎ᠪᠠᠨ ᠬᠤᠶᠠᠭᠤᠯᠠ ᠬᠦᠳᠦᠯᠦᠯᠴᠡᠭᠡᠳ ᠠᠯᠬᠤᠬᠤ᠎ᠳᠤ᠂ ᠪᠢ ᠲᠡᠬᠦᠨ᠎ᠤ ᠡᠵᠢ ᠪᠢᠰᠢ᠂ ᠶᠠᠭ ᠲᠡᠬᠦᠨ᠎ᠤ ᠨᠠᠢᠵᠠ᠎ᠨᠢ ᠪᠠᠢᠮᠡᠷ ᠲᠦᠷᠦᠭ᠌ᠳᠡᠵᠦ᠂ ᠪᠤᠨᠳᠣᠭᠤᠷ ᠵᠢᠭᠠᠯ ᠦᠬᠢᠨ ᠮᠢᠨᠢ ᠠᠯᠢ ᠵᠠᠪ ᠢᠶᠠᠷ ᠨᠢ ᠪᠠᠰᠠ ᠲᠣᠮᠣ ᠬᠦᠮᠦᠨ ᠱᠢᠭ ᠬᠡᠴᠡᠬᠦᠦ ᠯᠡ ᠵᠣᠭᠤᠭ᠎ᠲᠠᠢ ᠪᠣᠯᠴᠢᠬᠠᠬ᠍ᠰᠡᠨᠢ ᠭᠠᠢᠬᠠᠯ᠎ᠠ᠃ ᠦᠬᠢᠨ ᠮᠢᠨᠢ ᠨᠠᠳᠠᠳᠣ ᠬᠡᠣᠬᠡᠳ᠎ᠤᠨ ᠴᠡᠴᠡᠷᠯᠢᠭᠲᠡᠭᠡᠨ ᠰᠣᠷᠣᠭ᠍ᠰᠡᠨ ᠲᠡᠣᠯᠠᠢ ᠬᠢᠬᠡᠳ ᠴᠠᠰᠣᠨ ᠬᠦᠮᠦᠨ᠎ᠤ ᠰᠡᠳᠭᠢᠯ ᠬᠦᠳᠡᠯᠬᠡᠮ᠎ᠡ ᠦᠯᠢᠬᠡᠷ᠎ᠢ ᠶᠠᠷᠢᠵᠦ᠍ ᠦᠭ᠌ᠬᠦᠭ᠌ᠰᠡᠨ ᠪᠦᠭᠡᠳ ᠳ᠋ᠢᠰᠨᠧᠢ ᠺᠠᠷᠲ᠋ᠤᠨ ᠺᠢᠨᠣ᠋ 《ᠮᠦᠰᠣ ᠴᠠᠰᠣᠨ᠎ᠤ ᠭᠠᠢᠬᠠᠮᠱᠢᠭ᠍ᠳᠣ ᠪᠠᠷᠢᠯᠳᠣᠯᠭ᠎ᠠ》 ᠲᠣᠳᠣᠷᠡᠬᠢ ᠠᠢᠯᠢᠱᠠ ᠬᠦᠩᠵᠦ᠍ ᠪᠣᠯ ᠲᠥᠷᠥᠯᠬᠢ ᠮᠥᠰᠥ᠍ ᠴᠠᠰᠤ᠎ᠶ᠋ᠢ ᠡᠷᠬᠡᠱᠢᠶᠡᠬᠦ᠌ ᠴᠢᠳᠠᠪᠤᠷᠢ᠎ᠲᠠᠢ ᠬᠡᠳᠡᠭ᠎ᠢ ᠬᠡᠯᠡᠵᠦ᠍ ᠦᠭ᠌ᠬᠦᠯ᠎ᠡ᠃ ᠪᠣᠳᠣᠪᠡᠯ ᠦᠬᠢᠨ᠎ᠤ ᠮᠢᠨᠢ ᠰᠠᠶᠢᠬᠠᠨ ᠶᠠᠷᠢᠭ᠍ᠰᠡᠨ ᠦᠨᠣ ᠠᠢᠯᠢᠱᠠ ᠬᠦᠩᠵᠦ᠍ᠨᠢ ᠪᠠᠷᠤᠭ ᠪᠣᠷᠣ ᠪᠠᠯᠭᠠᠰᠣᠨ᠎ᠤ ᠮᠢᠨᠢ ᠲᠣᠰ ᠣᠳᠠᠭᠠᠨ᠎ᠤ ᠬᠦᠰᠡᠬᠡᠳ ᠣᠳᠠᠭ᠍ᠰᠡᠨ ᠴᠠᠰᠣ᠎ᠶ᠋ᠢ ᠠᠭᠠᠷ ᠲᠡᠭ᠌ᠷᠢ᠎ᠠᠴᠠ ᠵᠠᠯᠠᠵᠦ᠍ ᠣᠷᠣᠭᠤᠯᠣᠭ᠍ᠰᠡᠨ ᠠᠷᠢᠭᠤᠨ ᠱᠢᠳᠢᠳᠣ ᠬᠦᠩᠵᠦ᠍ ᠪᠣᠯᠣᠯᠳᠠᠢ ᠬᠡᠵᠦ᠍ ᠬᠤᠪᠢᠳ᠋ᠠᠭᠠᠨ ᠲᠦᠰᠦᠭᠡᠯᠡᠬᠡᠳ ᠡᠷᠬᠡ ᠦᠭᠡᠢ ᠢᠨᠢᠶᠡᠳᠣ ᠬᠦᠷᠪᠠ᠃
ᠬᠦᠭ ᠱᠣᠣᠬᠢᠶ᠎ᠠ᠎ᠨᠢ ᠱᠢᠩᠭᠡᠭᠡᠨ ᠨᠠᠮᠳᠠᠭᠤᠯᠵᠦ᠍᠂ ᠶᠢᠷᠳᠢᠨᠴᠦ᠍᠎ᠶ᠋ᠢᠨ ᠣᠴᠢᠷ᠎ᠢ ᠲᠦᠷ ᠵᠠᠭᠤᠷ᠎ᠡ ᠴᠦ᠍ ᠬᠡᠰᠡᠨ ᠰᠡᠷᠬᠡᠭ ᠪᠦᠬᠡᠳ ᠬᠦᠨ ᠮᠡᠳᠡᠷᠡᠬᠦ᠌ ᠪᠣᠯᠣᠮᠵᠢ ᠣᠯᠭᠤᠨ ᠠᠶᠠᠷᠬᠠᠨ ᠣᠷᠣᠳᠠᠭ ᠪᠣᠯᠬᠤᠷ᠎ᠢᠶᠠᠨ ᠴᠠᠰᠣ ᠰᠠᠢᠬᠠᠨ ᠪᠠᠢᠳᠠᠭ᠃ ᠲᠠᠷᠠ ᠮᠦᠴᠠ ᠳᠤ᠂ ᠬᠠᠶᠠ ᠲᠣᠭᠤᠯᠳᠠᠬᠤ ᠠᠳᠤᠭᠤᠨ᠎ᠤ ᠦᠦᠷᠰᠡᠭᠡ᠂ ᠬᠦᠪ ᠬᠦᠪ ᠨᠣᠬᠠᠢ ᠬᠤᠴᠠᠬᠤ ᠲᠠᠭᠤᠨ᠂ ᠪᠣᠯᠵᠣᠮᠣᠷ ᠱᠢᠪᠠᠭᠤᠳ᠎ᠤᠨ ᠵᠢᠷᠬᠢᠭᠡᠨ ᠵᠡᠷᠬᠡ ᠲᠠᠭᠤ ᠠᠨᠢᠷ᠎ᠤᠳ ᠶᠡᠭᠡ ᠯᠡ ᠠᠶᠠᠳᠠᠢᠬᠠᠨ ᠬᠤᠯᠠ ᠰᠣᠨᠣᠰᠳᠠᠬᠤ ᠪᠦᠬᠡᠳ ᠬᠠᠮᠢᠭ᠎ᠠ ᠨᠢᠬᠡ ᠣᠳᠣᠭᠠᠳ ᠬᠡᠨ ᠨᠢᠬᠡᠨᠲᠠᠢᠪᠠᠨ ᠠᠭᠤᠯᠵᠠᠵᠦ᠍ ᠣᠴᠠᠷᠠᠮᠡᠷ ᠴᠦ᠍ ᠶᠤᠮ ᠱᠢᠬ ᠪᠣᠳᠣᠭ᠍ᠳᠠᠭᠤᠯᠣᠨᠠ᠃ ᠴᠠᠰᠣ ᠬᠡᠭ᠌ᠴᠢ ᠵᠦᠭᠡᠷ ᠯᠡ ᠨᠢᠬᠡ ᠲᠦᠷ ᠵᠠᠭᠤᠷ᠎ᠡ ᠠᠷᠭᠠᠴᠠᠭᠠᠬᠤ ᠬᠡᠵᠦ᠍ ᠪᠠᠭᠤᠳᠠᠭ ᠪᠢᠰᠢ᠃ ᠬᠠᠷᠢᠨ ᠠᠮᠢᠯᠡᠯ ᠤᠨ ᠱᠢᠨ᠎ᠡ ᠶ᠋ᠢ ᠲᠡᠬᠦᠯᠳᠡᠷ ᠠᠭᠤᠯᠣᠭ᠍ᠰᠡᠨ ᠠᠷᠢᠭᠤᠨ ᠴᠠᠭᠠᠨ᠎ᠢᠶᠠᠷ᠎ᠢᠶᠠᠨ ᠠᠷᠢᠭᠤᠰᠭᠠᠨ ᠪᠠᠯᠡᠯᠵᠦ᠍᠂ ᠱᠢᠨᠡᠬᠡᠨ ᠬᠠᠭᠤᠳᠠᠰᠣᠶ᠋ᠢᠨᠢ ᠲᠡᠯᠬᠡᠨ ᠨᠡᠬᠡᠬᠡᠬᠡᠳ ᠴᠠᠭᠠᠨ ᠮᠦᠷ᠎ᠲᠠᠢ ᠪᠣᠯᠭᠠᠳᠠᠭ ᠲᠣᠯᠡᠳᠡ ᠰᠠᠢᠬᠠᠨ ᠪᠠᠢᠳᠠᠭ ᠴᠦ᠍ ᠪᠣᠯᠪᠡᠤ ᠭᠡᠵᠦ᠍ ᠪᠣᠳᠣᠯᠭᠠᠱᠢᠷᠠᠬᠤᠳᠤ ᠦᠬᠢᠨ ᠮᠢᠨᠢ ᠪᠠᠷᠠᠭᠤᠨ ᠭᠠᠷᠤᠨ ᠲᠣᠯᠢᠶᠡᠪᠣᠷ ᠬᠤᠷᠣᠭᠤ᠎ᠪᠡᠷ ᠵᠢᠡᠨ ᠴᠠᠰᠣᠨ ᠲᠡᠭᠡᠷ᠎ᠡ 2026 ᠬᠡᠳ ᠪᠢᠴᠢᠵᠦ᠍ ᠪᠠᠢᠭ᠎ᠠ᠎ᠶ᠋ᠢ ᠬᠠᠷᠠᠭᠠᠳ ᠲᠡᠬᠦᠨ᠎ᠤ ᠬᠠᠵᠠᠭᠤ᠎ᠳᠤᠨᠢ ᠪᠢ 《ᠬᠠᠢᠷ᠎ᠡ》 ᠬᠡᠵᠦ᠍ ᠲᠣᠮᠣᠬᠠᠨ ᠦᠰᠦᠭ ᠪᠢᠴᠢᠯ᠎ᠡ᠃ ᠲᠡᠬᠡᠬᠦ᠌ᠳᠤ ᠦᠬᠢᠨ ᠮᠢᠨᠢ ᠨᠡᠩ ᠣᠷᠠᠯᠢᠭ ᠪᠦᠳᠦᠬᠡᠯᠴᠢ ᠰᠡᠳᠭᠢᠬᠦᠢ ᠪᠡᠷ ᠦᠨᠣ ᠲᠤᠭ᠎ᠠ ᠬᠢᠬᠡᠳ ᠦᠰᠦᠭ᠎ᠢ ᠬᠦᠷᠢᠶᠡᠯᠡᠬᠡᠳ ᠲᠣᠭᠤᠷ ᠬᠡᠯᠪᠡᠷᠢᠳᠣ 《ᠬᠠᠢᠷ᠎ᠡ》 ᠵᠢᠷᠣᠭᠠᠳ ᠬᠦᠷᠢᠶᠡᠯᠡᠭ᠌ᠰᠡᠨ᠎ᠨᠢ ᠴᠠᠰᠣᠨ ᠲᠡᠭᠡᠷ᠎ᠡ ᠣᠯᠠᠮ ᠬᠡᠬᠡᠨᠴᠢᠷ ᠬᠠᠷᠠᠭ᠍ᠳᠠᠪᠠ᠃ ᠴᠠᠰᠣᠨ᠎ᠤ ᠬᠠᠢᠯᠬᠤ᠎ᠶ᠋ᠢ ᠲᠠᠭᠠᠯᠳᠣᠭᠠᠳ ᠲᠡᠳᠡᠭᠡᠷ ᠦᠰᠦᠭ᠎ᠤᠳ ᠣᠶᠠᠷᠡᠨ ᠣᠷᠣᠰᠭᠤᠶ᠋ᠢ ᠬᠠᠷᠠᠭᠠᠳ ᠪᠠᠢᠬᠤ ᠴᠦ᠍ ᠰᠠᠢᠬᠠᠨ᠃ ᠪᠢᠴᠢᠭ᠌ᠰᠡᠨ ᠦᠰᠦᠭ ᠮᠢᠨᠢ ᠭᠠᠵᠡᠷ᠎ᠲᠤ ᠱᠢᠮᠡᠳᠣᠨ᠂ ᠣᠷᠭᠤᠮᠡᠯ᠎ᠤᠨ ᠦᠨᠳᠦᠰᠦᠨ᠎ᠳᠤ ᠰᠢᠩᠭᠡᠭᠡᠳ᠂ ᠬᠤᠢᠳᠣᠨ ᠡᠪᠣᠯ ᠠᠬᠢᠭᠠᠳ ᠴᠠᠰᠣ ᠬᠤᠪᠢᠯᠣᠨᠠ ᠬᠡᠵᠦ᠍ ᠣᠷᠭᠤᠭᠤᠯᠣᠨ ᠪᠣᠳᠣᠬᠤ᠎ᠪᠠᠷ ᠨᠡᠩ ᠴᠦ᠍ ᠰᠠᠢᠬᠠᠨ᠃
《ᠦᠨᠣᠰᠭᠦᠳᠤ ᠭᠬᠢᠷᠳᠣᠮᠡᠷ ᠴᠠᠪ ᠴᠠᠭᠠᠨ ᠴᠠᠰᠣ ᠡᠳᠣᠷ᠎ᠤᠨ ᠠᠯᠳᠠᠳᠤ ᠬᠢᠯᠡᠰᠣᠨ / ᠦᠵᠡᠰᠭᠦᠯᠠᠩ ᠭᠤᠸ᠎ᠠ ᠪᠦᠰᠡᠬᠦᠢ ᠡᠬᠦᠳᠡ᠎ᠪᠠᠷ ᠵᠦᠷᠢᠬᠡᠳ ᠦᠩᠭᠡᠷᠡᠬᠦ᠌ ᠮᠡᠳᠣ ᠁》 ᠬᠡᠰᠡᠨ ᠨᠢᠬᠡ ᠱᠢᠯᠦᠭ ᠡᠷᠬᠡ ᠦᠬᠡᠢ ᠪᠣᠳᠣᠭ᠍ᠳᠠᠯᠠ᠃ ᠴᠠᠰᠣᠨ ᠲᠣᠮᠳᠠᠭᠤᠷ ᠴᠠᠰᠣᠨ᠎ᠤ ᠲᠣᠬᠠᠢ ᠲᠦᠰᠦᠬᠡᠯᠡᠬᠦ᠌ ᠰᠠᠢᠬᠠᠨ᠂ ᠲᠡᠭᠡᠭᠡᠳ ᠯᠡ ᠴᠠᠭᠠᠨ᠎ᠠ᠎ᠠᠴᠠ᠎ᠨᠢ ᠴᠠᠰᠣᠨ᠎ᠤ ᠱᠢᠨᠡᠳᠭᠡᠭ᠌ᠰᠡᠨ ᠲᠡᠯᠡᠬᠡᠢ ᠲᠣᠳᠣᠷᠠᠳᠠᠭ᠃ ᠣᠳᠠᠯ ᠦᠭᠡᠢ ᠡᠬᠦᠯᠡᠨᠤ ᠵᠠᠪᠰᠠᠷ᠎ᠢᠶᠠᠷ ᠪᠦᠯᠢᠶᠡᠨ ᠨᠠᠷ᠎ᠡ ᠬᠢᠯᠠᠢᠵᠠᠢ᠃ ᠡᠨᠡ ᠬᠡᠷᠡᠯ ᠬᠡᠬᠡ᠎ᠪᠠᠷ ᠭᠠᠷ ᠣᠳᠠᠰᠣ᠎ᠪᠠᠨ ᠭᠠᠷᠭᠠᠵᠦ᠍ ᠦᠬᠢᠨ᠎ᠲᠠᠢ᠎ᠪᠠᠨ ᠬᠤᠶᠠᠭᠤᠯᠠ ᠢᠨᠢᠶᠠᠮᠰᠦᠭ᠌ᠯᠡᠨ ᠰᠡᠬᠦᠳᠡᠷᠯᠡᠬᠦ᠌ ᠵᠠᠭᠤᠷ᠎ᠡ 《ᠮᠦᠮᠣ ᠡ᠂ ᠡᠨᠡ ᠴᠠᠰᠣ ᠬᠡᠷᠬᠢᠨ ᠪᠦᠷᠢᠯᠳᠦᠭ᠌ᠰᠡᠨ ᠪᠣᠢ ᠭᠡᠳᠡᠭ ᠠᠰᠠᠭᠤᠯᠳᠡ᠎ᠶ᠋ᠢ ᠬᠠᠷᠢᠭᠤᠯᠣᠭᠠ ᠦᠬᠡᠢ ᠳ᠋ᠠ》 ᠬᠡᠵᠦ᠍ ᠬᠡᠯᠡᠬᠦ᠌᠎ᠪᠠᠷ᠎ᠨᠢ ᠡᠨᠡ ᠰᠣᠨᠢᠭᠤᠴᠢ ᠠᠰᠠᠭᠤᠯᠳᠡ᠎ᠶ᠋ᠢ ᠴᠣᠬᠤᠮ ᠶᠠᠭᠠᠬᠢᠵᠦ᠍ ᠲᠡᠢᠯᠪᠣᠷᠢᠯᠠᠬᠤᠪᠠᠨ ᠣᠯᠵᠦ᠍ ᠶᠠᠳᠠᠯ᠎ᠠ᠃
— ᠮᠦᠮᠣ᠎ᠨᠢ ᠪᠣᠳᠣᠪᠡᠯ ᠴᠠᠰᠣ ᠪᠣᠯ ᠠᠭᠠᠷ ᠲᠡᠭ᠌ᠷᠢ᠎ᠠᠴᠠ ᠰᠠᠮ ᠰᠠᠮ ᠪᠠᠭᠤᠵᠦ᠍ ᠢᠷᠡᠭ᠌ᠰᠡᠨ ᠰᠠᠷᠢᠬᠦᠨ ᠴᠠᠭᠠᠨ ᠡᠷᠪᠡᠬᠡᠢ ᠶᠤᠮ ᠬᠡᠵᠦ᠍ ᠣᠷᠡᠨ ᠵᠣᠬᠢᠶᠠᠯ᠎ᠤᠨ ᠬᠠᠷᠢᠭᠤᠯᠳᠡ᠎ᠪᠠᠨ ᠦᠭ᠌ᠬᠦᠯ᠎ᠡ᠃ ᠰᠡᠷᠢᠬᠦᠨ ᠴᠠᠭᠠᠨ ᠡᠷᠪᠡᠬᠡᠢ ᠬᠡᠵᠦ᠍ ᠡᠢᠨ ᠬᠦ᠌ ᠲᠦᠰᠦᠬᠡᠯᠡᠬᠦ᠌ᠨᠢ ᠢᠯᠡᠬᠦᠦ ᠲᠡᠢᠳᠭᠤᠷᠡᠯ ᠲᠣᠭ᠍ᠳᠣᠯᠣᠯᠲᠠᠢ ᠰᠠᠨᠠᠭ᠍ᠳᠠᠳᠠᠭ ᠪᠣᠯᠪᠠᠴᠦ᠍᠂ ᠲᠡᠢᠳᠭᠤᠷᠠᠶᠡ ᠲᠣᠭ᠍ᠳᠣᠯᠣᠶᠡ ᠬᠡᠮᠡᠨ ᠵᠣᠷᠢᠭᠤᠳᠡ ᠲᠦᠰᠦᠬᠡᠯᠡᠳᠡᠭ ᠴᠦ᠍ ᠪᠢᠰᠢ᠂ ᠬᠠᠷᠢᠨ ᠴᠠᠰᠣᠨ᠎ᠠᠴᠠ ᠡᠬᠦᠰᠣᠯᠳᠡᠢ ᠣᠩᠭᠤᠳ ᠮᠡᠳᠡᠷᠡᠮᠵᠢ᠎ᠳᠡᠭᠡᠨ ᠦᠪᠡᠷ᠎ᠤᠨ ᠡᠷᠬᠡ ᠦᠭᠡᠢ ᠠᠪᠳᠠᠳᠠᠭᠢᠶᠠᠷᠢᠶᠠᠨ ᠣᠴᠢᠷ ᠪᠢᠳᠡᠬᠦᠯᠢᠭ ᠲᠡᠢᠳᠭᠤᠷᠡᠨ ᠲᠣᠭ᠍ᠳᠣᠯᠳᠠᠭ ᠮᠢᠨᠢ ᠲᠡᠷᠡ᠃ ᠬᠡᠣᠬᠡᠨᠲᠠᠢᠪᠠᠨ ᠬᠤᠶᠠᠭᠤᠯᠠ ᠴᠠᠰᠣᠨ ᠲᠣᠮᠳᠠᠭᠤᠷ ᠠᠶᠠᠷᠬᠠᠨ ᠠᠯᠬᠤᠬᠤ᠎ᠪᠠᠷ ᠡᠨᠡ ᠬᠡᠰᠡᠭ ᠪᠠᠳᠣᠴᠠᠭᠠᠨᠤ ᠣᠢ᠎ᠶ᠋ᠢᠨ ᠴᠠᠰᠣ ᠪᠦᠷ ᠪᠢᠳᠡ ᠬᠤᠶᠠᠷ᠎ᠤᠨ ᠴᠠᠰᠣ ᠪᠣᠯᠴᠢᠬᠠᠭᠠᠳ᠂ ᠴᠠᠰᠣᠨ᠎ᠤ ᠯᠠᠪᠰᠠ ᠬᠤᠪᠢᠯᠣᠨ ᠬᠦᠩᠭᠡᠷᠡᠴᠢᠬᠡᠭ᠌ᠰᠡᠨ᠂ ᠡᠰᠡᠬᠦᠯ᠎ᠡ ᠴᠠᠰᠣ ᠬᠠᠶᠠᠯᠠᠭ᠍ᠰᠡᠨ ᠠᠭᠠᠷ ᠲᠡᠭ᠌ᠷᠢ᠎ᠶ᠋ᠢᠨ ᠦᠴᠦᠬᠡᠨ ᠨᠢᠬᠡᠨ ᠴᠡᠭ᠎ᠨᠢ ᠪᠣᠯᠴᠢᠬᠠᠭ᠍ᠰᠡᠨ ᠬᠡᠮᠨᠷ ᠦᠪᠡᠷ᠎ᠤᠨ ᠡᠷᠬᠡ ᠦᠭᠡᠢ ᠴᠢᠯᠦᠭ᠌ᠡᠳᠡᠢ ᠬᠦᠪᠣᠨ ᠨᠢᠰᠦᠮᠡᠷ᠃