ᠠᠲᠤᠭᠤᠨ ᠤ ᠬᠦᠯᠦᠰᠦ ᠲᠠᠢ ᠠᠯᠠᠭᠠᠪᠠᠷᠢᠶᠠᠨ ᠠᠯᠲᠠᠨ ᠨᠠᠷᠠ᠎ᠶ᠋ᠢ ᠲᠤᠰ᠎ᠤᠨ ᠡᠪᠤᠷᠯᠡᠵᠦ᠍᠂ ᠠᠮᠢᠵᠢᠷᠠᠯ᠎ᠤᠨ ᠱᠢᠳᠢ᠎ᠲᠠᠢ ᠡᠨᠧᠷᠬᠢ᠎ᠶ᠋ᠢ ᠲᠤᠲᠤᠭᠤᠨ ᠲᠡᠭᠡᠬᠦᠷ ᠲᠤᠮ᠎ᠲᠠᠢ ᠬᠠᠢᠷᠠᠯᠠᠭ᠍ᠰᠡᠨ ᠤᠶᠠᠭ᠎ᠠ — ᠵᠢᠯᠤᠭᠤ ᠰᠤᠩᠭᠠᠨ ᠲᠡᠬᠦᠯᠢᠭ᠌ᠰᠡᠨ ᠠᠵᠢᠨᠠᠢ ᠬᠦᠯᠦᠭ᠎ᠤᠨ ᠠᠯᠲᠠᠨ ᠲᠤᠭᠤᠰᠤ᠎ᠪᠠᠷ ᠮᠢᠯᠢᠶᠡᠯᠭᠠᠨ᠂ ᠵᠤᠷᠢᠭ ᠬᠦᠪᠴᠢᠯᠡᠭ᠌ᠰᠡᠨ ᠠᠭᠤᠤ ᠤᠢᠯᠡᠰ᠎ᠤᠨ ᠠᠷᠢᠭᠤᠨ ᠰᠦᠯᠲᠡ᠎ᠪᠠᠷ ᠭᠡᠢᠮᠤᠷᠢᠯᠡᠨ᠂ ᠲᠠᠨᠠᠨ ᠴᠠᠭᠠᠨ ᠭᠡᠷ ᠢ ᠭᠠᠵᠠᠷ᠎ᠲᠠᠢ ᠡᠨᠡᠭ᠌ᠰᠢᠬᠦᠯᠦᠭ᠌ᠰᠡᠨ ᠬᠠᠯᠠᠭᠤᠨ ᠠᠮᠢᠰᠭᠤᠭ᠎ᠠ᠂ ᠲᠠᠪᠢᠯᠠᠩ ᠵᠠᠶᠠᠭ᠎ᠠ᠎ᠶ᠋ᠢ ᠮᠤᠷᠢ᠎ᠲᠠᠢ ᠠᠷᠭᠠᠮᠵᠢᠭ᠍ᠰᠡᠨ ᠬᠠᠨᠢ᠎ᠶ᠋ᠢᠨ ᠲᠦᠱᠢᠭ᠂ ᠲᠡᠮᠢᠷ ᠨᠦᠬᠦᠵᠦ᠍ ᠬᠦᠰᠡᠯ ᠵᠢᠬᠦᠷᠯᠡᠭ᠌ᠰᠡᠨ ᠠᠯᠲᠠᠨ ᠭᠠᠲᠠᠰᠦ ᠮᠢᠨᠢ᠃
ᠤᠲᠤᠮ᠎ᠤᠨ ᠮᠢᠨᠢ ᠮᠦᠰᠦ᠎ᠶ᠋ᠢ ᠲᠠᠶᠠᠩ᠎ᠳᠤ ᠲᠠᠨᠢᠭᠤᠯᠤᠭ᠍ᠰᠡᠨ ᠬᠢᠶᠠᠨ ᠵᠢᠪᠬᠤᠭ᠎ᠠ᠂ ᠤᠷᠭᠤᠬᠤ ᠤᠬᠠᠭᠠᠨ᠎ᠢ ᠬᠦᠯᠦᠰᠦ᠎ᠪᠠᠷ ᠱᠢᠮᠡᠵᠢᠬᠦᠯᠦᠭ᠌ᠰᠡᠨ ᠬᠠᠲᠠᠭᠤ ᠵᠠᠬᠢᠶ᠎ᠠ᠂ ᠬᠦᠯᠦᠭ᠎ᠤᠨ ᠱᠢᠨᠲᠠᠰᠦᠶ᠋ᠢ ᠠᠷᠠᠴᠢᠯᠠᠭ᠎ᠠ᠎ᠪᠠᠷ ᠭᠠᠢᠬᠠᠭᠤᠯᠤᠭ᠍ᠰᠡᠨ ᠰᠤᠲᠤᠨ ᠰᠤᠷᠢᠭ᠎ᠠ᠂ ᠬᠦᠲᠡᠯᠮᠤᠷᠢ᠎ᠶ᠋ᠢᠨ ᠦᠷᠲᠡᠭ᠎ᠢ ᠠᠮᠢᠵᠢᠷᠠᠯ᠎ᠢᠶᠠᠷ ᠲᠠᠯᠠᠯᠤᠭ᠍ᠰᠡᠨ ᠰᠤᠯᠤᠩᠭᠠᠨ ᠪᠠᠲᠦ ᠵᠠᠯᠡ — ᠤᠶᠠᠭ᠎ᠠ᠃ ᠠᠭ᠍ᠲᠠ᠎ᠶ᠋ᠢᠨ ᠬᠦᠯᠦᠰᠦ᠎ᠲᠠᠢ ᠪᠤᠰᠤᠭ᠎ᠠ ᠴᠤᠭ᠍ᠴᠠ᠎ᠨᠢ ᠠᠯᠲᠠᠨ ᠨᠡᠷᠡᠨ ᠤ ᠢᠯᠴᠢ᠎ᠪᠠᠷ ᠢᠪᠡᠭᠡᠭ᠌ᠲᠡᠵᠦ᠍᠂ ᠠᠮᠤᠭᠤᠯᠠᠩ ᠰᠦᠨᠢ᠎ᠶ᠋ᠢᠨ ᠰᠠᠷᠠᠨ ᠤ ᠭᠡᠭᠡ᠎ᠪᠠᠷ ᠠᠲᠠ᠎ᠶ᠋ᠢᠨ ᠬᠠᠷᠠᠩᠭᠤᠢ᠎ᠶ᠋ᠢ ᠲᠤᠨᠢᠯᠭᠠᠨ ᠰᠦᠯᠡᠭ᠌ᠰᠡᠨ᠂ ᠦᠷᠦᠭᠡᠯ᠎ᠳᠤ ᠪᠠᠢᠬᠤ ᠦᠭᠡᠢ ᠦᠪᠯᠡᠵᠦ᠍ ᠤᠯᠠᠮᠵᠢᠯᠠᠭ᠍ᠰᠡᠨ ᠦᠪ᠂ ᠦᠷᠯᠦᠭ ᠲᠦᠮᠡᠨ᠎ᠢᠶᠠᠨ ᠦᠭᠡᠲᠡ᠎ᠪᠠᠨ ᠮᠠᠨᠲᠤᠭᠤᠯᠤᠭ᠍ᠰᠡᠨ ᠬᠤᠷᠤᠢ᠃
ᠠᠬᠢ᠂ ᠭᠠᠩᠭ᠎ᠠ᠂ ᠠᠷᠭᠠᠯ ᠤᠨ ᠤᠲᠤᠭ᠎ᠠ᠎ᠪᠠᠷ ᠠᠷᠢᠭᠤᠯᠠᠨ᠂ ᠠᠳᠬᠠᠬ ᠰᠠᠨᠠᠭ᠎ᠠ ᠠᠲᠠ ᠲᠤᠢᠳᠭᠡᠷᠢ ᠦᠯᠲᠡᠨ ᠬᠦᠭᠡᠭᠡᠭ᠌ᠰᠡᠨ᠂ ᠬᠦᠭᠡ ᠲᠡᠭ᠌ᠷᠢ ᠨᠤᠭᠤᠭᠠᠨ ᠲᠠᠯᠠᠶ᠋ᠢᠨᠶ᠋ᠢᠡᠨ ᠲᠤᠮᠲᠠ ᠬᠦᠯᠲᠦᠷᠭᠡ᠎ᠲᠦ ᠴᠠᠭᠠᠨ ᠦᠷᠦᠭᠡᠨ᠎ᠤ᠎ᠪᠠᠨ ᠡᠮᠤᠨ᠎ᠡ ᠪᠤᠰᠤᠭ᠎ᠠ ᠭᠡᠢᠮᠤᠷᠢᠯᠠᠭ᠍ᠰᠡᠨ ᠵᠢᠷᠦᠭᠡ ᠶᠤᠮ ᠲᠠ!
ᠠᠮᠢᠲᠤᠷᠠᠯ ᠤᠢᠯᠡᠰ᠂ ᠠᠵᠠ ᠵᠢᠷᠭᠠᠯ᠂ ᠠᠮᠵᠢᠯᠲᠠ ᠪᠦᠲᠦᠭᠡᠯ᠂ ᠠᠯᠢᠪᠠ ᠪᠦᠬᠦᠨ᠎ᠤ ᠠᠬᠢᠨ ᠲᠠᠪᠱᠢᠯᠲᠠ᠎ᠶ᠋ᠢ ᠲᠡᠬᠦᠯᠲᠡᠷᠵᠢᠬᠦᠯᠦᠭ᠌ᠰᠡᠨ ᠠᠯᠲᠠᠨ ᠭᠤᠪᠢ᠎ᠶ᠋ᠢᠨ ᠠᠲᠤᠭᠤᠨ᠎ᠤ ᠦᠤᠷᠰᠡᠭᠡ᠎ᠲᠠᠢ᠂ ᠠᠷᠬᠠᠭ᠎ᠢ ᠲᠤᠨᠢᠯᠭᠠᠵᠦ᠍ ᠠᠮᠢᠲᠤᠷᠠᠯ᠎ᠤᠨ ᠴᠤᠭᠢ ᠲᠦᠷᠡᠯᠵᠡᠬᠦᠯᠦᠭ᠌ᠰᠡᠨ ᠠᠳᠢᠰ᠎ᠤᠨ ᠲᠠᠯᠲᠠ ᠬᠦᠴᠦᠨ᠎ᠲᠠᠢ ᠠᠯᠲᠠᠨ ᠲᠤᠯᠭ᠎ᠠ ᠤᠶᠠᠭ᠎ᠠ ᠶᠤᠮ᠃
ᠲᠡᠭᠡᠲᠦᠰ ᠮᠢᠨᠢ᠄ 《ᠢᠯᠡ ᠭᠠᠵᠠᠷ ᠮᠤᠷᠢ ᠪᠠᠨ ᠤᠶᠠᠵᠦ᠍᠂ ᠢᠲᠡᠭᠡᠭ᠌ᠰᠡᠨ ᠬᠦᠮᠤᠨ᠎ᠳᠤ ᠦᠭᠡ᠎ᠪᠠᠨ ᠭᠡᠯᠡ》 ᠭᠡᠮᠡᠨ ᠰᠤᠷᠭᠠᠨ᠂ ᠤᠴᠢᠷ᠎ᠢ ᠪᠤᠯᠭᠤᠮᠵᠢᠯᠠᠵᠦ᠍᠂ ᠤᠬᠠᠭᠠᠨ᠎ᠢ ᠱᠢᠯᠭᠠᠭ᠍ᠰᠡᠨ ᠬᠦᠨ ᠤᠬᠠᠭᠠᠨ᠎ᠤ ᠵᠠᠬᠢᠶ᠎ᠠ᠎ᠶ᠋ᠢ ᠵᠢᠷᠤᠮᠯᠠᠵᠦ᠍᠂ ᠮᠤᠷᠢᠨ ᠤᠶᠠᠭ᠎ᠠ᠎ᠪᠠᠨ ᠠᠭᠤᠯᠠ ᠤᠰᠤᠨ᠎ᠤ ᠪᠡᠷ᠎ᠠ ᠱᠢᠷᠲᠡᠬᠦᠯᠵᠦ᠍᠂ ᠤᠷᠭᠤᠮᠠᠯ ᠤᠢ᠎ᠶ᠋ᠢᠨ ᠬᠠᠷᠠᠭ᠎ᠠ ᠵᠤᠬᠢᠴᠠᠭᠤᠯᠤᠨ᠂ ᠡᠷᠴᠢ ᠪᠠᠲᠠᠷᠠᠭᠤᠨ ᠡᠨᠧᠷᠬᠢ ᠪᠦᠷᠢᠨ ᠭᠠᠵᠠᠷ᠎ᠢ ᠰᠤᠩᠭᠤᠵᠦ᠍᠂ ᠦᠷᠬᠦᠭᠡ ᠴᠠᠭᠠᠨ ᠭᠡᠷ᠎ᠤᠨ᠎ᠢᠶᠠᠨ ᠡᠮᠤᠨ᠎ᠡ᠂ ᠦᠭᠡᠲᠡᠯᠡᠬᠦ᠌ ᠭᠡᠢᠮᠤᠷᠢᠶ᠋ᠢᠨ ᠭᠡᠱᠢᠭ ᠲᠠᠯᠠᠯᠵᠦ᠍᠂ ᠰᠠᠯᠠᠭ᠎ᠠ᠎ᠲᠠᠢ ᠬᠠᠢᠯᠠᠰᠦᠨ ᠤᠶᠠᠭ᠎ᠠ᠎ᠪᠠᠨ ᠪᠤᠰᠭᠠᠬᠤ᠎ᠳᠤ ᠰᠠᠨᠠᠭ᠍ᠰᠡᠨ ᠬᠦᠰᠡᠭ᠌ᠰᠡᠨ᠎ᠢᠶᠠᠨ ᠠᠷᠪᠠᠢ ᠪᠤᠲᠠᠭ᠎ᠠ᠎ᠲᠠᠢ ᠠᠷᠭᠠᠲᠠᠨ ᠱᠢᠪᠱᠢᠵᠦ᠍᠂ ᠰᠠᠢᠬᠠᠨ ᠪᠦᠬᠦᠨ ᠢ ᠰᠠᠭᠠᠳ ᠦᠭᠡᠢ ᠡᠩᠭᠡ ᠤᠷᠤᠱᠢᠭᠤᠯᠬᠤ ᠭᠡᠮᠡᠨ ᠰᠠᠯᠠᠭ᠎ᠠ ᠠᠴᠠᠶ᠋ᠢᠨᠢ ᠭᠡᠷ ᠦᠭᠡᠲᠡ᠎ᠪᠠᠨ ᠬᠠᠷᠠᠭᠤᠯᠲᠠᠭ ᠦᠭᠡᠢ ᠬᠠᠲᠠᠭᠤ ᠴᠡᠭᠡᠷ᠎ᠲᠠᠢ ᠪᠦᠭᠡᠳ ᠦᠵᠢᠷᠡᠵᠦ᠍ ᠦᠯᠲᠦᠷᠡᠭ᠌ᠰᠡᠨ ᠤᠭᠢ᠎ᠨᠢ ᠭᠠᠵᠠᠷ᠎ᠤᠨ ᠡᠯᠢᠭᠡᠨ᠎ᠳᠤ ᠤᠷᠬᠢᠲᠠᠭ ᠦᠭᠡᠢ᠂ ᠡᠬᠦᠲᠡ᠎ᠪᠠᠨ ᠭᠤᠤᠯᠯᠠᠭᠤᠯᠵᠦ᠍ ᠪᠤᠯᠠᠲᠠᠭ ᠦᠭᠡᠢ᠂ ᠤᠶᠠᠭᠠᠨᠤ ᠭᠡᠱᠢᠭ ᠭᠤᠮᠣᠲᠠᠵᠦ᠍᠂ ᠤᠬᠠᠭᠠᠨ᠎ᠤ ᠤᠰᠤᠯ ᠪᠤᠯᠤᠨ᠎ᠠ ᠭᠡᠲᠡᠭ᠃
ᠪᠤᠷᠬᠠᠨ᠎ᠠᠴᠠ ᠢᠪᠡᠭᠡᠯ᠎ᠲᠠᠢ ᠪᠤᠶᠠᠨ ᠭᠡᠱᠢᠭ ᠦᠳᠭᠡᠷᠡᠵᠦ᠍᠂ ᠪᠤᠮ᠎ᠢᠶᠠᠷ ᠦᠰᠭᠦ ᠮᠠᠯ᠎ᠤᠨ ᠵᠠᠶᠠᠭ᠎ᠠ ᠬᠤᠷᠤᠢᠯᠠᠨ ᠪᠤᠷᠤᠭᠤ ᠤᠰᠤᠯ᠎ᠲᠠᠢ ᠪᠦᠲᠦᠷᠢᠵᠦ᠍ ᠪᠡᠷᠭᠡᠲᠡᠬᠦ᠌ᠳᠤ ᠪᠤᠴᠠᠭᠠᠳ ᠤᠬᠠᠭᠠᠷᠠᠬᠤ ᠲᠡᠮᠢᠷ ᠦᠭ᠌ᠬᠦᠭ᠌ᠰᠡᠨ ᠤᠶᠠᠭ᠎ᠠ ᠮᠢᠨᠢ ᠭᠡᠷ ᠨᠤᠲᠤᠭ ᠮᠤᠷᠢ ᠭᠤᠷᠪᠠ᠎ᠶ᠋ᠢ ᠭᠡᠭᠡᠨ ᠴᠠᠭᠠᠨ ᠮᠦᠷ᠎ᠢᠶᠠᠷ ᠭᠡᠯ᠎ᠬᠢᠨ ᠯᠤᠭ᠍ᠰᠢᠭᠤᠯᠵᠦ᠍᠂ ᠭᠡᠷᠭᠡᠢ ᠭᠡᠤᠭᠡᠳ ᠠᠪᠤ ᠡᠵᠢ᠎ᠶ᠋ᠢ ᠭᠡᠷᠡᠯᠲᠦ ᠨᠠᠷᠠᠨ᠎ᠤ ᠢᠯᠴᠢ᠎ᠪᠠᠷ ᠡᠨᠡᠷᠢᠯᠡᠭ᠌ᠰᠡᠨ ᠤᠬᠠᠭᠠᠨ ᠰᠠᠷᠠᠭᠤᠯᠵᠢᠭᠤᠯᠬᠤ᠎ᠶ᠋ᠢᠨ ᠲᠠᠮ᠎ᠲᠠᠢ᠂ ᠤᠷᠭᠤᠨ ᠪᠠᠲᠠᠷᠠᠭᠤᠯᠬᠤ᠎ᠶ᠋ᠢᠨ ᠱᠢᠳᠢ᠎ᠲᠠᠢ ᠠᠴᠢᠲᠠᠨ ᠶᠤᠮ᠃
ᠤᠶᠠᠭᠠᠨᠤᠪᠠᠨ ᠲᠡᠷᠭᠡᠲᠡ ᠬᠦᠷᠬᠦ᠌᠎ᠳᠤ ᠤᠷᠠᠨ ᠰᠠᠨᠠᠭᠠᠨ᠎ᠤ ᠢᠲᠡᠭᠡᠯ ᠪᠠᠲᠠᠷᠠᠲᠠᠭ᠂ ᠤᠨᠲᠤᠷᠬᠤ ᠬᠠᠢᠷ᠎ᠠ᠎ᠶ᠋ᠢᠨ ᠬᠦᠰᠡᠯ ᠴᠠᠯᠬᠢᠲᠠᠭ᠂ ᠠᠭᠤᠴᠢᠯᠠᠬᠤ ᠰᠤᠶᠤᠯ ᠤᠨ ᠤᠬᠠᠭᠠᠨ ᠪᠢᠯᠬᠠᠲᠠᠭ᠂ ᠤᠷᠤᠭ᠍ᠰᠢᠯᠠᠨ ᠲᠡᠮᠡᠦᠯᠬᠦ ᠵᠤᠷᠢᠭ ᠤᠨ ᠡᠷᠴᠢ ᠤᠷᠤᠱᠢᠲᠠᠭ᠃ ᠬᠠᠶᠠ ᠭᠤᠨᠢᠬᠤ᠎ᠳᠤ ᠬᠠᠯᠠᠮᠵᠢ᠎ᠶ᠋ᠢᠨ ᠲᠠᠮ ᠤᠢᠳᠭᠠᠷᠢ ᠠᠯᠲᠠᠷᠠᠭᠠᠵᠦ᠍᠂ ᠬᠠᠷᠠᠭ᠎ᠠ ᠲᠡᠯᠡᠬᠦ᠌ ᠰᠠᠨᠠᠭᠠᠨ᠎ᠤ ᠲᠠᠮᠢᠷ ᠤᠬᠠᠭᠠᠨ ᠰᠠᠯᠪᠢᠲᠡᠭᠨᠢ ᠤᠶᠠᠭ᠎ᠠ ᠶᠤᠮ ᠳ᠋ᠠ!
ᠮᠤᠩᠭᠤᠯ ᠬᠦᠮᠤᠨ᠎ᠤ ᠲᠠᠢᠴᠢᠨ ᠰᠦᠰᠦ ᠮᠤᠷᠢᠨ ᠤᠶᠠᠭᠠᠨ᠎ᠠᠴᠠ ᠲᠡᠯᠭᠡᠷᠡᠭ᠌ᠰᠡᠨ ᠴᠠᠴᠡᠭ ᠶᠤᠮ᠂ ᠮᠤᠩᠭᠤᠯ ᠮᠤᠷᠢᠨ᠎ᠤ ᠮᠤᠬᠤᠰᠢ ᠦᠭᠡᠢ ᠱᠢᠨᠲᠠᠰᠦ ᠤᠶᠠᠭᠠᠨ᠎ᠠᠴᠠ ᠰᠤᠷᠢᠭ᠍ᠰᠡᠨ ᠲᠠᠮᠢᠷ ᠶᠤᠮ᠃ ᠦᠴᠦᠭᠡᠲᠦᠷ ᠮᠤᠷᠢ ᠮᠢᠨᠢ ᠲᠠᠢᠴᠢᠨ ᠡᠵᠡᠨ᠎ᠢᠶᠠᠨ ᠨᠢᠷᠤᠭᠤᠨ᠎ᠳᠠᠭᠠᠨ ᠡᠬᠦᠷᠴᠦ᠍᠂ ᠲᠠᠢᠨ ᠤ ᠲᠤᠭᠤᠰᠤ᠎ᠶ᠋ᠢ ᠵᠦᠰᠦᠨ ᠲᠡᠬᠦᠯᠢᠵᠦ᠍᠂ ᠡᠭᠡ ᠤᠯᠤᠰ᠎ᠢᠶᠠᠨ ᠴᠢᠯᠦᠭᠡᠯᠡᠬᠦ᠌᠎ᠳᠤ ᠡᠷᠴᠢ᠎ᠪᠠᠨ ᠦᠭ᠌ᠬᠦᠭ᠌ᠰᠡᠨ᠃ ᠦᠨᠦᠲᠦᠷ ᠮᠤᠷᠢ ᠮᠢᠨᠢ ᠲᠠᠶᠠᠭᠠᠷ ᠲᠦᠮᠡᠨ᠎ᠤ ᠵᠤᠷᠢᠭ᠎ᠢ ᠬᠦᠪᠴᠢᠯᠡᠭ᠌ᠰᠡᠨ ᠲᠠᠯᠠᠪᠴᠢ᠎ᠲᠠᠢ ᠬᠦᠰᠡᠯ᠎ᠤᠨ ᠤᠷᠢᠶ᠎ᠠ ᠪᠤᠯᠵᠦ ᠲᠡᠭᠦᠯᠢᠨᠡᠮ᠃
ᠠᠲᠤᠭᠤ ᠮᠠᠯ ᠢᠶᠠᠨ ᠦᠭᠡᠢᠯᠡᠵᠦ᠍᠂ ᠠᠷᠦ᠍ ᠱᠢᠯᠢ ᠲᠡᠭᠡᠷ᠎ᠡ ᠵᠤᠭ᠍ᠰᠤᠬᠤᠳᠤ ᠠᠬᠠᠮᠠᠳ ᠪᠤᠭᠤᠷᠤᠯ᠎ᠤᠳ ᠮᠢᠨᠢ᠄ 《ᠵᠢᠮᠪᠠ᠎ᠶ᠋ᠢᠨ ᠮᠤᠷᠢᠨ ᠤᠶᠠᠭ᠎ᠠ》 ᠭᠡᠵᠦ᠍ ᠵᠠᠢᠷᠮᠠᠭ᠍ᠯᠠᠭ᠍ᠰᠡᠨ ᠨᠢᠲᠦ᠍ᠪᠠᠷ ᠨᠠᠮᠠᠶ᠋ᠢ ᠰᠠᠷᠠᠪᠴᠢᠯᠠᠨ ᠦᠭᠡᠢᠯᠡᠲᠡᠭᠢ ᠪᠢ ᠪᠤᠰᠤᠳ᠎ᠠᠴᠠ ᠰᠤᠨᠤᠰᠤᠭᠠᠳ ᠪᠠᠶᠠᠷᠯᠠᠭ᠍ᠰᠡᠨ᠃ ᠲᠡᠢᠮᠤ ᠡ᠂ ᠠᠪᠤ᠎ᠶ᠋ᠢᠨ ᠠᠭ᠍ᠲᠠ᠎ᠪᠠᠨ ᠤᠶᠠᠲᠠᠭ ᠮᠤᠷᠢᠨ᠎ᠤ ᠬᠢᠨᠢ ᠤᠶᠠᠭ᠎ᠠ ᠪᠢ ᠶᠤᠮ᠂ ᠠᠲᠤᠭᠤᠨ ᠰᠤᠶᠤᠯ᠎ᠤᠨ᠎ᠢᠶᠠᠨ ᠦᠪ᠎ᠢ ᠤᠯᠠᠮᠵᠢᠯᠠᠭ᠍ᠰᠡᠨ ᠠᠯᠲᠠᠨ ᠵᠠᠬᠢᠶ᠎ᠠ᠎ᠲᠠᠢ ᠵᠢᠷᠦᠭᠡᠨ᠎ᠤ ᠬᠢᠨᠢ ᠠᠷᠭᠠᠮᠵᠢᠶ᠎ᠠ ᠪᠢ ᠶᠤᠮ᠃
ᠤᠷᠴᠢᠯᠠᠩ᠎ᠳᠤ ᠬᠤᠤᠰ ᠦᠭᠡᠢ ᠤᠩᠭᠤᠨ ᠲᠠᠮᠠᠭ᠎ᠠ᠎ᠪᠠᠨ ᠪᠢ ᠦᠷᠬᠦᠭᠡ ᠴᠠᠭᠠᠨ ᠭᠡᠷ᠎ᠤᠨ ᠪᠠᠭᠤᠴᠠ ᠭᠡᠲᠡᠭ᠃ ᠤᠭ᠍ᠲᠠᠷᠭᠤᠢ᠎ᠳᠤ ᠰᠤᠭᠣᠨᠠᠬᠯᠠᠬᠣ ᠠᠷᠭᠠᠯ᠎ᠤᠨ ᠤᠲᠤᠭ᠎ᠠ᠎ᠪᠠᠨ ᠪᠢ ᠦᠩᠭᠡ᠎ᠨᠢ ᠴᠡᠩᠭᠡᠷ ᠲᠤᠯᠭᠠᠨᠤᠪᠠᠨ ᠠᠮᠢᠰᠭᠤᠭ᠎ᠠ ᠭᠡᠲᠡᠭ᠃ ᠤᠪᠤᠭ᠎ᠠ᠎ᠪᠠᠨ ᠪᠠᠷᠠᠯᠠᠭ᠍ᠰᠡᠨ ᠮᠤᠷᠢᠨ ᠤᠶᠠᠭ᠎ᠠ ᠪᠠᠨ ᠪᠢ ᠤᠮᠤᠭ᠍ᠯᠠᠩ ᠵᠤᠭ᠍ᠰᠤᠬᠤ ᠰᠡᠳᠭᠢᠯ᠎ᠤᠨ ᠲᠡᠩᠭᠡᠭᠡ ᠭᠡᠲᠡᠭ᠃
ᠠᠯᠤᠰ ᠬᠦᠷᠦᠨ ᠳᠤ ᠰᠤᠷᠤᠯᠴᠠᠬᠤ ᠳᠤ ᠠᠶᠤᠤᠯᠢᠬᠠᠢ ᠴᠡᠭᠡᠵᠢᠨ᠎ᠳᠤ ᠲᠠᠭᠤᠤ ᠬᠦᠪᠤᠷᠡᠬᠦᠯᠵᠦ᠍᠂ ᠲᠤᠷᠠᠰᠤᠮᠵᠢ ᠦᠭᠡᠢᠯᠡᠨ᠂ ᠡᠵᠢ ᠠᠪᠤ ᠡᠯᠢᠭᠡᠨ ᠰᠠᠲᠤᠨ᠂ ᠡᠭᠡ ᠨᠤᠲᠤᠭ᠎ᠢ ᠮᠢᠨᠢ ᠡᠩᠰᠡᠷᠡᠲᠡᠯ᠎ᠡ ᠰᠠᠨᠠᠭᠤᠯᠤᠭ᠍ᠰᠡᠨ ᠤᠯᠠᠭᠠᠨ ᠵᠢᠷᠦᠭᠡᠨ᠎ᠤ ᠬᠠᠢᠷ᠎ᠠ᠂ ᠤᠬᠠᠭᠠᠷᠠᠬᠤ ᠨᠢᠭ᠍ᠲᠠᠷᠠᠬᠤᠶ᠋ᠢᠨ ᠵᠢᠯᠤᠭᠤ — ᠤᠶᠠᠭ᠎ᠠ ᠶᠤᠮ᠃
ᠤᠶᠠᠭ᠎ᠠ ᠮᠢᠨᠢ ᠵᠤᠭ᠍ᠰᠤᠭᠠ ᠪᠠᠢᠭ᠍ᠰᠡᠨ ᠴᠠᠭ᠎ᠲᠤ ᠤᠬᠠᠭᠠᠨ ᠵᠢᠷᠤᠮ ᠪᠢᠲᠡᠨ ᠳᠤ ᠲᠤᠲᠠᠬᠤ ᠦᠭᠡᠢ᠃ ᠤᠶᠠᠩᠭ᠎ᠠ ᠡᠭᠡᠱᠢᠭ ᠴᠤᠤᠷᠢᠶᠠᠯᠠᠵᠦ᠍᠂ ᠤᠲᠤᠮ ᠲᠠᠮᠵᠢᠬᠰᠠᠨ ᠪᠤᠰᠤᠭ᠎ᠠ ᠭᠡᠢᠮᠤᠷᠢ ᠪᠠᠭᠤᠷᠠᠬᠤ ᠦᠭᠡᠢ᠃ ᠠᠲᠤᠭᠤᠳ ᠦᠤᠷᠰᠡᠯᠲᠤᠨ ᠲᠠᠪᠬᠢᠯᠲᠤᠵᠦ᠍᠂ ᠠᠮᠢᠲᠠᠨ ᠭᠤᠤᠯᠲᠠᠨ ᠨᠡᠢᠷᠯᠠᠨ ᠲᠤᠩᠭᠤᠲᠤᠭ᠍ᠰᠡᠨ ᠡᠷᠡᠬᠦᠯ ᠪᠦᠲᠦᠨ ᠡᠭᠡ ᠨᠤᠲᠤᠭ᠎ᠤᠨ ᠮᠢᠨᠢ ᠬᠦᠷᠦᠰᠦ ᠬᠦᠨᠦᠭᠡᠯ ᠦᠭᠡᠢ ᠴᠡᠯᠭᠡᠷᠡᠨᠡ᠃ ᠬᠠᠢᠷ᠎ᠠ ᠢᠪᠢᠯᠵᠦ᠍᠂ ᠨᠠᠢᠷ ᠴᠠᠯᠬᠢᠭᠤᠯᠲᠠᠭ ᠲᠠᠪᠠᠭᠤ ᠡᠷᠴᠢ᠎ᠲᠠᠢ᠂ ᠲᠠᠢᠴᠢᠨ ᠡᠨᠧᠷᠬᠢ᠎ᠲᠠᠢ᠂ ᠲᠠᠩᠲᠠ ᠢᠪᠡᠭᠡᠯ᠎ᠲᠠᠢ᠂ ᠲᠠᠯᠠᠢ ᠪᠠᠶᠠᠨ ᠭᠡᠱᠢᠭᠤᠨ ᠬᠤᠷᠠᠬᠤ ᠪᠤᠯᠤᠭ᠍ᠰᠡᠨ ᠤᠶᠠᠭᠠᠨ᠎ᠳᠠᠭᠠᠨ ᠡᠲᠦᠷ ᠡᠲᠦᠷ᠎ᠤᠨ ᠲᠡᠭᠡᠵᠢ᠎ᠪᠠᠨ ᠡᠵᠢ ᠮᠢᠨᠢ ᠡᠷᠬᠦᠨ ᠰᠠᠴᠤᠯᠠᠵᠦ᠍᠂ ᠦᠷᠯᠦᠭ ᠤᠬᠠᠭᠠᠨᠲᠦ ᠠᠪᠤ ᠮᠢᠨᠢ ᠤᠶᠠᠭᠠᠨᠤᠪᠠᠨ ᠤᠷᠴᠢᠨ ᠲᠤᠭᠤᠷᠢᠨ᠎ᠢ ᠱᠦᠬᠦᠷᠲᠡᠨ ᠴᠡᠪᠡᠷᠯᠡᠵᠦ᠍᠄ 《ᠠᠲᠠᠭ᠎ᠠ ᠵᠢᠲᠦᠭᠡᠨᠤ ᠢᠷᠸ᠎ᠠ᠂ ᠠᠮᠢ ᠬᠤᠨᠵᠢᠩ ᠤᠨ ᠪᠤᠬᠢᠷᠲᠤᠯ ᠠᠭ᠍ᠲᠠ ᠬᠦᠯᠦᠭ᠎ᠲᠤ ᠮᠢᠨᠢ ᠪᠤᠤ ᠤᠷᠤᠰᠢ》 ᠭᠡᠮᠡᠨ ᠤᠲᠤᠯᠭ᠎ᠠ ᠰᠠᠩ ᠤᠩᠭᠤᠰᠭᠠᠲᠠᠭ ᠰᠠᠨ᠃
ᠠᠢᠯ ᠡᠷᠦᠭᠡ ᠠᠰᠲᠠᠭᠠᠨ ᠲᠦᠪᠬᠢᠨᠡᠬᠦ᠌ᠳᠤ ᠦᠷ᠎ᠡ ᠭᠡᠤᠭᠡᠳ ᠤᠨ ᠢᠶᠠᠨ ᠤᠴᠠᠷᠠᠯ ᠪᠦᠬᠦᠨ ᠦᠭᠡᠲᠡ ᠭᠡᠢᠮᠤᠷᠢ ᠲᠠᠢᠶ᠋ᠢ ᠬᠦᠰᠡᠨ ᠵᠦᠩᠨᠡᠵᠦ᠍᠂ ᠮᠤᠷᠢᠨ ᠤᠶᠠᠭ᠎ᠠ ᠱᠢᠨ᠎ᠡ᠎ᠶ᠋ᠢ ᠪᠤᠰᠭᠠᠵᠦ᠍᠂ ᠪᠦᠷᠢᠨ ᠲᠤᠬᠤᠭᠠᠵᠢᠲᠠᠢ ᠠᠭ᠍ᠲᠠ ᠬᠦᠯᠦᠭ᠎ᠢᠶᠠᠷ ᠮᠢᠯᠢᠶᠠᠨ᠄ 《ᠤᠶᠠᠭ᠎ᠠ ᠪᠠᠨ ᠲᠦᠬᠦᠷᠭᠡᠬᠦ᠌ ᠠᠭ᠍ᠲᠠ ᠬᠦᠯᠦᠭ᠎ᠲᠠᠢ᠂ ᠤᠴᠠᠷᠠᠨ ᠵᠤᠯᠭᠠᠬᠤ ᠠᠬᠠᠨ ᠲᠡᠬᠦᠤᠰ᠎ᠲᠠᠢ ᠠᠮᠢᠲᠤᠷᠠ!》 ᠭᠡᠮᠡᠨ ᠢᠷᠦᠭᠡᠲᠡᠭ ᠤᠢᠯᠡ᠎ᠲᠠᠢ ᠰᠠᠨ᠃
ᠲᠤᠭᠤᠷᠭ᠎ᠠ᠎ᠲᠦ ᠦᠷᠬᠦᠭᠡᠨ᠎ᠳᠡᠭᠡᠨ ᠤᠨᠠᠵᠦ᠍᠂ ᠲᠤᠯᠭᠠᠨᠤᠪᠠᠨ ᠢᠯᠴᠢᠨ᠎ᠳᠤ ᠲᠤᠷᠨᠢᠭ᠍ᠰᠡᠨ᠂ ᠤᠶᠠᠭᠠᠨ ᠤ ᠪᠠᠨ ᠲᠡᠷᠭᠡᠲᠡ᠎ᠠᠴᠠ ᠤᠨᠤᠭᠠᠨ᠎ᠤ ᠨᠢᠷᠤᠭᠤᠨ᠎ᠳᠤ ᠬᠦᠯ ᠵᠠᠯᠠᠭ᠍ᠰᠡᠨ ᠭᠡᠤᠭᠡᠳ᠎ᠤᠳ ᠮᠢᠨᠢ ᠲᠤᠯᠬᠤ ᠪᠡᠷᠭᠡ᠎ᠠᠴᠠ ᠴᠤᠴᠢᠬᠤ ᠦᠭᠡᠢ᠂ ᠠᠭᠤᠯᠠ᠎ᠲᠠᠢ᠎ᠪᠠᠨ ᠠᠲᠠᠯᠢ ᠪᠠᠲᠦ ᠯᠠᠪᠲᠠᠭᠤᠨ ᠬᠠᠨᠠᠢᠵᠦ᠍᠂ ᠠᠭᠤᠲᠠᠮ ᠲᠠᠯ᠎ᠠ᠎ᠲᠠᠢ᠎ᠪᠠᠨ ᠢᠵᠢᠯ ᠪᠠᠭ᠍ᠲᠠᠭᠠᠮᠵᠢ ᠲᠠᠯᠪᠢᠭᠤ ᠪᠠᠢᠲᠠᠭ᠎ᠢᠶᠠᠷ ᠬᠦᠴᠢᠷ᠎ᠢ ᠱᠢᠪᠲᠦᠯᠬᠣ ᠲᠠᠮᠢᠷ᠎ᠲᠠᠢ᠂ ᠬᠦᠰᠡᠭ᠌ᠰᠡᠨ᠎ᠢᠶᠠᠨ ᠪᠡᠶᠡᠯᠡᠬᠦᠯᠬᠦ᠌ ᠠᠵᠠ᠎ᠲᠠᠢ ᠪᠠᠢᠲᠠᠭ ᠶᠤᠮ᠃
ᠭᠠᠵᠠᠷ᠎ᠢᠶᠠᠨ ᠴᠢᠩᠨᠡᠵᠦ᠍ ᠯᠤᠭ᠍ᠰᠢᠭ᠍ᠰᠡᠨ ᠭᠠᠯ ᠲᠤᠯᠭᠠᠨᠤ ᠮᠢᠨᠢ ᠠᠮᠢᠨ ᠰᠦᠨᠡᠰᠦ᠂ ᠭᠠᠩᠭᠠᠩ ᠠᠭ᠍ᠲᠠ ᠶ᠋ᠢᠨ ᠨᠢᠷᠤᠭᠤᠨ ᠲᠡᠭᠡᠷ᠎ᠡ ᠦᠨᠲᠡᠢᠭ᠌ᠰᠡᠨ ᠠᠯᠲᠠᠨ ᠲᠦᠷᠦᠭᠡ᠂ ᠭᠠᠢ ᠪᠠᠷᠴᠢᠳ ᠢ ᠲᠤᠭᠤᠯᠬᠤ᠂ ᠭᠠᠯ᠎ᠲᠠᠢ ᠤᠭ᠍ᠰᠠᠭᠠᠨ᠎ᠤ ᠮᠢᠨᠢ ᠮᠠᠨᠲᠤᠭ᠍ᠰᠡᠨ ᠭᠡᠢᠮᠤᠷᠢ᠂ ᠭᠠᠯᠪᠠ᠎ᠳᠤ ᠬᠤᠤᠰ ᠦᠭᠡᠢ ᠤᠬᠠᠭᠠᠨᠲᠦ ᠦᠨᠲᠦᠰᠦᠲᠡᠨ᠎ᠤ ᠮᠢᠨᠢ ᠡᠷᠴᠢ ᠢᠲᠡᠭᠡᠯ — ᠤᠶᠠᠭ᠎ᠠ ᠮᠢᠨᠢ᠃