ᠪᠠᠷᠠᠭᠠᠨ ᠵᠢᠰᠤᠮ᠎ᠤᠨ ᠨᠢᠭᠡᠨ ᠮᠣᠷᠢ
2026-02-04 16:10:48
ᠵᠣᠬᠢᠶᠠᠭ᠍ᠴᠢ᠄
ᠶ᠊·ᠵᠢᠷᠭᠠᠯᠳᠠᠯᠠᠢ
ᠣᠩᠱᠢᠭ᠍ᠰᠠᠨ ᠣᠳᠠᠭ᠎ᠠ᠄
★★★☆☆

ᠠᠭᠤᠯᠠ᠎ᠶ᠋ᠢᠨ ᠣᠷᠣᠢ ᠳᠡᠭᠡᠷ᠎ᠡ

ᠣᠳᠠᠭᠠᠨ ᠵᠣᠭ᠍ᠰᠤᠭ᠎ᠠ ᠨᠢᠭᠡᠨ ᠮᠣᠷᠢ

ᠣᠷᠣᠰᠭᠤ ᠴᠠᠭ ᠬᠤᠭᠤᠴᠠᠭ᠎ᠠ᠎ᠶ᠋ᠢᠨ

ᠣᠶᠠᠭ᠎ᠠ ᠮᠡᠳᠦ ᠨᠢᠭᠡᠨ ᠮᠣᠷᠢ


ᠣᠣᠭᠠᠯ ᠨᠣᠳᠤᠭ᠎ᠢᠶᠠᠨ ᠪᠠᠷᠠᠯᠠᠭᠠᠳ

ᠣᠬᠢᠯᠠᠵᠣ ᠪᠠᠢᠭ᠎ᠠ ᠪᠣᠯᠪᠠ ᠤᠤ

ᠣᠨᠠᠭᠠᠨ ᠢᠵᠢᠯᠢ᠎ᠪᠠᠨ ᠦᠭᠡᠢᠯᠡᠭᠡᠳ

ᠣᠶᠠᠷᠠᠵᠣ ᠪᠠᠢᠭ᠎ᠠ ᠪᠣᠯᠪᠠ ᠤᠤ


ᠰᠡᠭᠦᠯ᠎ᠨᠢ ᠨᠠᠮᠢᠷᠠᠭᠠᠳ

ᠰᠠᠯᠬᠢᠨ ᠪᠣᠯᠳᠠᠯ᠎ᠠ ᠵᠣᠭ᠍ᠰᠣᠨ᠎ᠠ

ᠰᠡᠭᠦᠳᠡᠷ᠎ᠨᠢ ᠰᠡᠮᠡᠷᠡᠭᠡᠳ

ᠰᠠᠷᠠᠨ ᠪᠣᠯᠳᠠᠯ᠎ᠠ ᠵᠣᠭ᠍ᠰᠣᠨ᠎ᠠ


ᠬᠦᠭᠡ ᠳᠡᠭ᠌ᠷᠢ᠎ᠠᠴᠠ ᠪᠠᠭᠤᠵᠣ ᠠᠮᠠᠷᠠᠭ᠍ᠰᠠᠨ

ᠬᠦᠯᠦᠭ ᠠᠭ᠍ᠰᠠᠨ ᠪᠠᠢᠪᠠ ᠤᠤ

ᠬᠦᠷᠡᠩ ᠬᠠᠳᠠᠨ᠎ᠠᠴᠠ ᠪᠣᠰᠴᠣ ᠠᠮᠢᠯᠠᠭ᠍ᠰᠠᠨ

ᠬᠦᠷᠦᠭ ᠠᠭ᠍ᠰᠠᠨ ᠪᠠᠢᠪᠠ ᠤᠤ


ᠭᠠᠷᠠᠭ ᠣᠳᠣᠨ᠎ᠠᠴᠠ ᠡᠢᠯᠵᠣ ᠢᠷᠡᠭ᠌ᠰᠡᠨ

ᠭᠠᠢᠬᠠᠮᠱᠢᠭ ᠪᠠᠢᠭ᠍ᠰᠠᠨ ᠪᠣᠯᠪᠠ ᠤᠤ

ᠭᠠᠵᠠᠷ ᠳᠡᠯᠡᠭᠡᠢ᠎ᠠᠴᠠ ᠵᠠᠢᠯᠠᠵᠣ ᠣᠢᠳᠣᠭ᠍ᠰᠠᠨ

ᠭᠠᠭ᠍ᠴᠠᠭᠠᠷᠳᠠᠯ ᠪᠠᠢᠭ᠍ᠰᠠᠨ ᠪᠣᠯᠪᠠ ᠤᠤ


ᠰᠣᠭᠤᠨ᠎ᠤ᠎ᠪᠠᠨ ᠵᠢᠭᠦᠷ᠎ᠢ

ᠣᠷᠭᠤᠵᠣ ᠭᠦᠢᠴᠡᠭᠦ᠎ᠶ᠋ᠢ ᠬᠦᠯᠢᠶᠡᠨ᠎ᠡ

ᠰᠣᠷᠠᠭ ᠢᠷᠡᠪᠡᠰᠦ ᠡᠵᠡᠨ᠎ᠢᠶᠠᠨ ᠳᠣᠰᠣᠭᠠᠳ

ᠣᠭ᠍ᠳᠣᠵᠣ ᠳᠠᠪᠭᠢᠬᠤ᠎ᠪᠠᠷ ᠬᠦᠯᠢᠶᠡᠨ᠎ᠡ


ᠪᠠᠷᠠᠭᠤᠨ ᠬᠡᠢᠳ᠎ᠢ ᠵᠣᠷᠢᠵᠣ ᠶᠠᠪᠣᠬᠤ ᠵᠠᠭᠤᠷ᠎ᠠ

ᠪᠠᠢᠴᠠ ᠦᠨᠳᠦᠷ᠎ᠲᠤ ᠵᠣᠭ᠍ᠰᠣᠵᠣ ᠪᠠᠢᠭ᠎ᠠ

ᠪᠠᠷᠠᠭᠠᠨ ᠵᠢᠰᠦᠮ᠎ᠤᠨ ᠨᠢᠭᠡᠨ ᠮᠣᠷᠢ᠎ᠶ᠋ᠢ

ᠪᠠᠷ᠎ᠠ᠎ᠨᠢ ᠬᠠᠷᠠᠭ᠍ᠳᠠᠬᠤ ᠦᠭᠡᠢ ᠪᠣᠯᠳᠠᠯ᠎ᠠ ᠬᠠᠷᠠᠯ᠎ᠠ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号