ᠵᠣᠭ᠍ᠰᠤᠭᠠᠪᠠᠷᠢᠶᠠᠨ ᠦᠷᠬᠡᠯᠡᠬᠦ᠌ ᠣᠯᠠᠭᠠᠨ ᠮᠣᠷᠢᠨ᠎ᠤ
ᠵᠢᠷᠤᠭ᠎ᠠ ᠬᠡᠳᠡᠭ᠎ᠢ᠎ᠨᠢ ᠶᠠᠭᠠᠬᠢᠨᠠᠮ ᠪᠢᠯᠡ
ᠴᠣᠬᠤᠮ ᠬᠤᠯᠠ᠎ᠠᠴᠠ ᠲᠠᠪᠬᠢᠭᠤᠯᠵᠦ᠍ ᠢᠷᠡᠭ᠌ᠰᠡᠨ
ᠴᠣᠯᠠ ᠠᠯᠳᠠᠷ᠎ᠢ᠎ᠨᠢ ᠬᠡᠷᠬᠢᠨᠡᠮ ᠪᠢᠯᠡ
ᠵᠢᠯ ᠵᠢᠷᠬᠢᠭ᠌ᠰᠡᠨ ᠠᠢᠯ᠎ᠤᠨ᠎ᠢᠶᠠᠨ
ᠵᠡᠯ᠎ᠡ ᠲᠡᠭᠡᠷ᠎ᠡ ᠪᠠᠢᠨ᠎ᠠ ᠬᠡᠵᠦ᠍ ᠵᠡᠬᠦᠳᠦᠯᠡᠵᠦ᠍ ᠪᠠᠢᠨ᠎ᠠ
ᠵᠢᠮᠡᠯᠴᠡᠵᠦ᠍ ᠣᠣᠭᠤᠭ᠍ᠰᠠᠨ ᠡᠪᠦᠭᠡᠳᠲᠠᠢᠪᠠᠨ
ᠵᠡᠭᠡᠷᠳᠡ ᠪᠣᠯᠪᠠ ᠬᠡᠵᠦ᠍ ᠵᠡᠬᠦᠳᠦᠯᠡᠵᠦ᠍ ᠪᠠᠢᠨ᠎ᠠ
ᠬᠡᠯᠡᠮᠦᠷᠴᠢ ᠠᠬ᠎ᠠ᠎ᠶ᠋ᠢᠨ ᠬᠢᠨᠢ ᠲᠡᠬᠦᠪᠦᠷᠢ
ᠬᠡᠪᠯᠡᠯ᠎ᠳᠤ ᠣᠷᠣᠪᠠ ᠬᠡᠵᠦ᠍ ᠵᠡᠬᠦᠳᠦᠯᠡᠵᠦ᠍ ᠪᠠᠢᠨ᠎ᠠ
ᠬᠡᠳᠦᠨ ᠪᠠᠳᠠᠭ᠎ᠢ᠎ᠨᠢ ᠱᠢᠬᠢᠷᠲᠠᠢᠨᠢ
ᠬᠡᠮᠡᠯᠢᠵᠦ᠍ ᠪᠠᠢᠨ᠎ᠠ ᠬᠡᠵᠦ᠍ ᠵᠡᠬᠦᠳᠦᠯᠡᠵᠦ᠍ ᠪᠠᠢᠨ᠎ᠠ
ᠠᠢᠯ᠎ᠳᠤ ᠮᠣᠷᠳᠠᠭ᠍ᠰᠠᠨ ᠲᠡᠬᠦᠦ᠍ᠪᠠᠨ
ᠠᠢᠰᠦᠢ ᠬᠡᠮᠡᠨ ᠵᠡᠬᠦᠳᠦᠯᠡᠵᠦ᠍ ᠪᠠᠢᠨ᠎ᠠ
ᠠᠪᠤ ᠡᠵᠢ ᠬᠤᠶᠠᠷ᠎ᠲᠠᠭᠠᠨ
ᠠᠷᠢᠭᠢ ᠪᠠᠷᠢᠵᠦ᠍ ᠪᠠᠢᠨ᠎ᠠ ᠬᠡᠵᠦ᠍ ᠵᠡᠬᠦᠳᠦᠯᠡᠵᠦ᠍ ᠪᠠᠢᠨ᠎ᠡ
ᠨᠠᠶᠠᠨ ᠲᠠᠪᠣᠳᠠᠢ ᠠᠪᠤᠶ᠋ᠢᠨᠬᠢᠨᠳᠤ
ᠨᠠᠭᠠᠳᠣᠮ᠎ᠲᠠᠢ ᠬᠡᠮᠡᠨ ᠵᠡᠬᠦᠳᠦᠯᠡᠵᠦ᠍ ᠪᠠᠢᠨ᠎ᠠ
ᠢᠷᠡᠭᠤ ᠨᠠᠢᠷᠠᠭ᠎ᠤᠨ ᠣᠷᠣᠯᠳᠣᠭᠠᠨ᠎ᠢᠶᠠᠷ
ᠤᠯᠠᠨ ᠵᠢᠡᠨ ᠪᠠᠶᠠᠰᠬᠠᠵᠦ ᠪᠠᠢᠨ᠎ᠠ ᠬᠡᠵᠦ᠍ ᠵᠡᠬᠦᠳᠦᠯᠡᠵᠦ᠍ ᠪᠠᠢᠨ᠎ᠠ
ᠲᠠᠯᠠᠨ ᠭᠤᠷᠪᠠᠳᠠᠢ ᠡᠵᠢᠶ᠋ᠢᠨᠬᠢᠨᠳᠤ
ᠲᠠᠯᠠᠢ ᠪᠠᠶᠠᠷᠲᠠᠢ ᠬᠡᠵᠦ᠍ ᠵᠡᠬᠦᠳᠦᠯᠡᠵᠦ᠍ ᠪᠠᠢᠨ᠎ᠠ
ᠠᠷᠠᠳ᠎ᠤᠨ ᠲᠠᠭᠤᠣ᠎ᠶᠢᠨ ᠮᠦᠷᠦᠢᠴᠡᠭᠡᠨ᠎ᠳᠤ
ᠠᠭ᠍ᠳᠠ᠎ᠨᠢ ᠲᠡᠷᠢᠬᠦᠯᠡᠪᠡ ᠬᠡᠵᠦ᠍ ᠵᠡᠬᠦᠳᠦᠯᠡᠵᠦ᠍ ᠪᠠᠢᠨ᠎ᠠ
ᠣᠯᠠᠭᠠᠨ ᠮᠣᠷᠢᠨ᠎ᠤ ᠵᠡᠬᠦᠳᠦᠨ
ᠠᠭᠤᠯᠠᠰ᠎ᠢᠶᠠᠨ ᠲᠠᠭᠠᠭᠠᠳ ᠦᠷᠬᠦᠯᠵᠢᠯᠡᠨ᠎ᠡ
ᠴᠠᠭᠠᠨ ᠰᠠᠷ᠎ᠠ᠎ᠶ᠋ᠢᠨ ᠱᠢᠨ᠎ᠡ᠎ᠶ᠋ᠢᠨ ᠨᠢᠬᠡᠨᠤ
ᠴᠠᠭ᠍ᠯᠠᠰᠢ ᠦᠬᠡᠢ ᠪᠠᠶᠠᠷᠲᠤ ᠨᠡᠢᠯᠡᠭ᠌ᠰᠡᠭᠡᠷ ᠰᠡᠷᠡᠨ᠎ᠡ ᠡ