ᠠᠳᠣᠭᠤᠨ ᠰᠠᠯᠬᠢ ᠲᠠᠢ ᠨᠣᠲᠤᠭ
2026-02-04 16:24:55
ᠵᠣᠬᠢᠶᠠᠭ᠍ᠴᠢ᠄
ᠷᠠ᠊·ᠨᠠᠰᠣᠨᠴᠣᠭ᠍ᠲᠣ
ᠣᠩᠱᠢᠭ᠍ᠰᠠᠨ ᠣᠳᠠᠭ᠎ᠠ᠄
★★★☆☆

ᠵᠢᠷᠭᠠᠯ᠎ᠲᠠᠢ ᠵᠢᠯ᠎ᠤᠨ ᠦᠩᠭᠡ ᠣᠯᠠᠭᠠᠨ ᠣᠯᠠᠭᠠᠭ᠍ᠴᠢᠨ᠎ᠠᠴᠠ ᠡᠬᠢᠯᠡᠨ᠎ᠡ

ᠵᠣᠷᠢᠭ ᠪᠤᠰᠤᠭ᠎ᠠ ᠠᠵᠠ ᠬᠡᠢᠮᠥᠷᠢ ᠭᠠᠯ᠎ᠤᠨ ᠲᠦᠯᠦ᠍ ᠱᠢᠭ ᠪᠠᠳᠠᠷᠠᠨ᠎ᠠ

ᠵᠣᠪᠴᠠᠭ᠎ᠠ᠎ᠲᠠᠢ ᠬᠦᠮᠦᠨ᠎ᠤ ᠦᠯᠢᠭᠡᠷ ᠮᠤᠷᠢᠨ ᠨᠢᠷᠣᠭᠤᠨ ᠳᠡᠭᠡᠷ᠎ᠡ ᠰᠦᠷᠯᠡᠨ᠎ᠡ

ᠵᠠᠶᠠᠭᠠᠲᠠᠢ ᠨᠣᠲᠤᠭ᠎ᠤᠨ ᠪᠠᠭ᠍ᠠᠷᠬᠠᠯ ᠰᠦᠷᠦᠭ᠎ᠤᠨ ᠪᠡᠯᠴᠢᠭᠡᠨ᠎ᠢᠶᠠᠷ ᠰᠤᠷᠯᠠᠨ᠎ᠠ


ᠤᠷᠲᠤ᠎ᠶ᠋ᠢᠨ ᠲᠠᠭᠤᠤ᠎ᠶ᠋ᠢᠨ ᠱᠢᠷᠤᠩᠬᠠᠢ ᠠᠭᠤᠳᠠᠮ᠎ᠤᠨ ᠠᠭᠤᠳᠠᠮ᠎ᠢ ᠲᠡᠯᠡᠨ᠎ᠡ

ᠣᠮᠠᠷ᠎ᠠ᠎ᠶ᠋ᠢᠨ ᠶᠡᠭᠡ ᠲᠠᠯ᠎ᠠ ᠤᠷᠴᠢᠯᠠᠩ᠎ᠤᠨ ᠤᠷᠴᠢᠯᠠᠩ᠎ᠢ ᠪᠠᠭ᠍ᠲᠠᠭᠠᠨ᠎ᠠ

ᠤᠷᠭᠤᠬᠤ ᠨᠠᠷᠠᠨ᠎ᠠᠴᠠ ᠤᠷᠢᠲᠠᠵᠤ ᠠᠳᠤᠭᠤᠨ ᠰᠠᠯᠬᠢ ᠦᠨᠳᠡᠢᠨ᠎ᠡ

ᠠᠯᠲᠠᠨ ᠲᠤᠭᠤᠷᠠᠢ᠎ᠠᠴᠠ ᠵᠠᠯᠭᠠᠵᠤ ᠠᠶᠠᠯᠭᠤᠳᠤ ᠡᠳᠦᠷ᠎ᠤᠳ ᠴᠡᠴᠡᠭ᠌ᠯᠡᠨ᠎ᠡ


ᠤᠶᠠᠭᠠᠨ ᠳᠡᠭᠡᠷ᠎ᠡ᠎ᠠᠴᠠ ᠡᠬᠢᠯᠡᠭ᠌ᠰᠡᠨ ᠮᠤᠷᠢ᠎ᠲᠠᠢ ᠬᠦᠮᠦᠨ᠎ᠤ ᠠᠮᠢᠳᠤᠷᠠᠯ

ᠤᠶᠠᠩᠭᠠᠨ ᠡᠭᠡᠱᠢᠭ ᠵᠡᠯᠡᠯᠡᠭᠡᠳ ᠤᠬ᠍ᠲᠠᠷᠭᠤᠢ᠎ᠶ᠋ᠢᠨ ᠴᠡᠭᠡᠯ ᠴᠢᠪᠬᠠᠳᠠᠨ᠎ᠠ

ᠢᠵᠢᠯ ᠮᠦᠡᠭ᠌ᠭᠦᠨ ᠪᠠᠭᠠᠪᠤᠷ ᠲᠡᠭᠡᠷ᠎ᠡ ᠪᠤᠯᠤᠷ ᠱᠢᠭᠦᠳᠡᠷᠢ ᠬᠦᠯᠦᠷᠡᠭᠡᠳ

ᠤᠷᠬ᠋᠎ᠠ᠎ᠪᠠᠨ ᠲᠤᠯᠵᠤ ᠮᠤᠷᠳᠠᠬᠤ ᠡᠷ᠎ᠡ᠎ᠶ᠋ᠢᠨ ᠵᠢᠪᠬᠤᠭ᠎ᠠ᠎ᠶ᠋ᠢ ᠲᠤᠯᠢᠯᠠᠨ᠎ᠠ


ᠲᠦᠷᠦᠭᠡᠨ ᠳᠡᠭᠡᠷ᠎ᠡ ᠨᠠᠢᠷᠠᠬ ᠱᠠᠳᠯᠠᠭᠰᠠᠨ ᠲᠡᠯᠭᠡᠷ ᠴᠠᠬ᠎ᠤᠨ ᠦᠡᠭ᠌ᠭᠡ

ᠲᠡᠪᠡᠯ᠎ᠲᠠᠢ ᠣᠯᠠᠨ᠎ᠤ ᠬᠡᠢᠮᠦᠷᠢ᠎ᠶ᠋ᠢ ᠳᠡᠯᠡᠬᠡᠢ᠎ᠶ᠋ᠢᠨ ᠴᠢᠨᠡᠭᠡ ᠬᠦᠭ᠌ᠵᠢᠭᠡᠨ᠎ᠡ

ᠲᠦᠪᠡᠷᠭᠡᠨ᠎ᠳᠤᠨᠢ ᠲᠤᠬ᠍ᠳᠤᠯᠤᠬ᠍ᠰᠠᠨ ᠳᠦᠷᠪᠡᠳᠡᠬᠢ ᠣᠯᠠᠷᠢᠯ᠎ᠤᠨ ᠲᠠᠯ᠎ᠠ

ᠲᠡᠯ᠎ᠲᠠᠢ ᠬᠤᠷᠳᠤᠨ᠎ᠤ ᠱᠤᠤᠭᠢᠶᠠᠨ᠎ᠳᠤ ᠲᠡᠷᠡᠰᠦᠨ ᠨᠠᠮᠠᠭ᠎ᠠ᠎ᠲᠠᠢ᠎ᠪᠠᠨ ᠨᠠᠢᠭᠤᠨ᠎ᠠ


ᠠᠳᠤᠭᠤ ᠬᠤᠷᠢᠶᠠᠵᠤ᠂ ᠴᠡᠭᠡ ᠰᠡᠩᠭᠢᠨᠡᠭ᠌ᠰᠡᠨ ᠠᠭᠠᠭ ᠠᠯᠳᠠᠷᠠᠢᠬᠠᠨ ᠡᠳᠦᠷ᠎ᠤᠳ

ᠠᠷᠤ᠎ᠶ᠋ᠢᠨ ᠰᠠᠢᠬᠠᠨ ᠬᠠᠨᠭ᠌ᠭᠠᠢ᠎ᠳᠤ ᠠᠭᠢ᠎ᠶ᠋ᠢᠨ ᠦᠨᠦᠷ᠎ᠲᠠᠢ ᠵᠤᠰᠠᠨ᠎ᠠ

ᠤᠰᠤᠨ᠎ᠳᠤ ᠵᠤᠬ᠍ᠰᠤᠵᠤ᠂ ᠲᠤᠯᠤᠭᠠᠢ ᠬᠠᠶᠠᠯᠠᠭ᠍ᠰᠠᠨ ᠠᠮᠤᠷ ᠠᠮᠤᠭᠤᠯᠠᠩ᠎ᠤᠨ ᠵᠢᠷᠤᠬ

ᠠᠷᠢᠭᠤᠨ ᠲᠠᠭ᠍ᠱᠢᠨ᠎ᠤ ᠦᠡᠭ᠌ᠭᠡ᠎ᠶ᠋ᠢ ᠰᠡᠳᠭᠢᠯ᠎ᠤᠨ ᠳᠤᠲᠤᠭᠠᠳᠦ ᠤᠷᠤᠭᠤ ᠢᠯᠡᠭᠡᠨ᠎ᠡ


ᠴᠡᠩᠬᠡᠷ ᠬᠦᠬᠡ ᠲᠤᠪᠴᠢᠶᠠᠨ᠎ᠠᠴᠠ ᠴᠡᠴᠡᠭ ᠬᠢᠰᠭᠢᠵᠦ᠍ ᠲᠦᠷᠦᠭ᠌ᠰᠡᠨ ᠣᠨᠠᠭ᠎ᠠ

ᠴᠤᠯᠮᠤᠨ ᠤᠳᠤᠲᠤ ᠲᠡᠭ᠌ᠷᠢ᠎ᠠᠴᠠ ᠲᠤᠮᠤᠬ ᠬᠦᠯᠬᠦᠵᠦ᠍ ᠴᠢᠩᠭᠠᠷᠠᠬ᠍ᠰᠠᠨ ᠬᠦᠯᠦᠭ

ᠴᠠᠬᠢᠯᠳᠠᠬ᠍ᠲᠤ ᠨᠤᠭᠤᠭᠠᠨ ᠲᠠᠯ᠎ᠠ᠎ᠠᠴᠠ ᠴᠠᠬᠢᠯᠭᠠᠨ ᠬᠤᠷᠳᠤ ᠡᠰᠭᠡᠭ᠌ᠰᠡᠨ ᠠᠷᠭᠤᠮᠠᠭ

ᠴᠠᠯᠭᠢᠶ᠎ᠠ ᠪᠠᠶᠠᠨ ᠨᠠᠭᠠᠳᠤᠮ᠎ᠠᠴᠠ ᠠᠢᠷᠠᠭ ᠲᠦᠷᠦᠭᠦᠤ ᠠᠮᠰᠠᠭ᠍ᠰᠠᠨ ᠮᠠᠩᠯᠠᠢ


ᠣᠮᠠᠷ᠎ᠠ᠎ᠶ᠋ᠢᠨ ᠴᠡᠩᠬᠡᠷ ᠬᠦᠳᠡᠭᠡ ᠠᠳᠤᠭᠤᠨ ᠰᠠᠯᠬᠢ᠎ᠪᠠᠷ ᠢᠰᠭᠡᠷᠬᠦ᠌᠎ᠳᠤ

ᠤᠷᠮ᠎ᠠ᠎ᠶ᠋ᠢᠨ ᠨᠤᠮᠢᠨ ᠲᠤᠭᠤᠰᠤ ᠤᠴᠠᠷᠠᠯ᠎ᠤᠨ ᠪᠤᠯᠵᠤᠭ᠎ᠠ ᠬᠠᠶᠢᠬ᠍ᠯᠠᠨ᠎ᠠ

ᠦᠤᠷᠰᠡᠵᠤ ᠢᠷᠡᠳᠡᠭ ᠢᠵᠢᠯᠢ᠎ᠶ᠋ᠢᠨ ᠠᠯᠬᠤᠭ᠎ᠠ ᠠᠢᠵᠠᠮ ᠨᠡᠢᠯᠡᠬᠦ᠌᠎ᠳᠤ

ᠢᠨᠢᠶᠡᠳᠦ ᠵᠢᠷᠭᠠᠯ᠎ᠤᠨ ᠬᠦᠭ ᠬᠤᠭᠤᠷ᠎ᠤᠨ ᠤᠳᠠᠰᠤ ᠱᠢᠬ ᠨᠢᠳᠭᠡᠷᠡᠨ᠎ᠡ


ᠰᠠᠷᠠᠨ᠎ᠤ ᠬᠡᠷᠡᠯ ᠨᠦᠮᠦᠷᠦᠭ᠌ᠰᠡᠨ ᠰᠦᠷᠦᠭ ᠠᠳᠤᠭᠤᠳ᠎ᠤᠨ ᠲᠤᠷᠭᠢᠯᠲᠠ᠎ᠳᠤ

ᠰᠦᠯ ᠦᠳᠭᠡᠨ ᠪᠡᠯᠴᠢᠭᠡᠷ ᠰᠤᠨᠤᠷ ᠪᠠᠶᠠᠰᠭᠤᠯᠠᠩ ᠵᠢᠷᠭᠠᠨ᠎ᠠ

ᠰᠤᠪᠤᠵᠤ ᠲᠦᠷᠦᠭ᠌ᠰᠡᠨ ᠬᠦᠯᠦᠭ᠎ᠤᠳ᠎ᠤᠨ ᠴᠤᠪᠤᠵᠤ ᠬᠤᠷᠳᠤᠯᠠᠭ᠍ᠰᠠᠨ ᠦᠯᠢᠭᠡᠷ

ᠰᠠᠬᠠᠯᠲᠦ ᠡᠪᠦᠭᠡ᠎ᠶ᠋ᠢᠨ ᠴᠡᠭᠡᠵᠢᠨ᠎ᠳᠤ ᠤᠳᠤᠮ ᠤᠬ᠍ᠰᠢᠯ᠎ᠲᠠᠢ᠎ᠪᠠᠨ ᠰᠤᠨᠳᠤᠷᠯᠠᠨ᠎ᠠ


ᠰᠠᠯᠬᠢᠨ ᠵᠦᠡᠭ᠎ᠲᠠᠢ ᠰᠡᠷᠭᠦᠯᠡᠩ ᠠᠭᠠᠰᠢ ᠲᠡᠭ᠌ᠷᠢ ᠵᠦᠭ᠎ᠢᠶᠠᠨ ᠪᠡᠯᠴᠢᠬᠦ᠌᠎ᠳᠤ

ᠰᠠᠨᠠᠬᠤ᠎ᠶ᠋ᠢᠨ ᠨᠢᠯᠪᠤᠰᠤ᠎ᠲᠠᠢ ᠤᠨᠠᠭᠠᠨ ᠬᠠᠢᠷ᠎ᠠ ᠨᠤᠲᠤᠭ ᠵᠦᠭ᠎ᠢᠶᠠᠨ ᠡᠷᠭᠢᠨᠡᠮ

ᠰᠤᠯᠤᠩᠭᠠᠨ ᠡᠮᠵᠢᠶᠡᠷᠢ᠎ᠲᠠᠢ ᠲᠠᠯ᠎ᠠ ᠠᠳᠤᠭᠤᠨ ᠠᠮᠢᠰᠭᠤᠬ᠋᠎ᠠ᠎ᠪᠠᠷ ᠦᠶᠡᠷᠯᠡᠬᠦ᠌᠎ᠳᠤ

ᠰᠤᠳᠤᠷ ᠲᠡᠤᠬᠡ᠎ᠶ᠋ᠢᠨ ᠰᠤᠷᠲᠤᠯᠵᠠᠬ᠍ᠰᠠᠨ ᠠᠷᠭᠤᠮᠠᠭ᠎ᠤᠳ ᠵᠡᠭᠦᠳᠦᠨ᠎ᠳᠤ ᠢᠨᠴᠠᠭᠠᠵᠤ ᠢᠷᠡᠨᠡᠮ


ᠴᠠᠬ᠎ᠤᠨ ᠤᠷᠲᠤ᠎ᠳᠤ ᠰᠤᠯᠠᠳᠠᠬ᠋᠎ᠠ ᠦᠬᠡᠢ ᠱᠢᠨᠳᠠᠰᠦ ᠴᠦᠪ᠎ᠤᠨ ᠤᠯᠤᠮ ᠭᠡᠲᠦᠯᠬᠦ᠌᠎ᠳᠤ

ᠴᠠᠢᠪᠣᠷ ᠲᠡᠷᠯᠢᠭ᠎ᠲᠠᠢ ᠮᠤᠷᠢᠳᠠᠨ ᠡᠵᠡᠨ ᠡᠷᠳᠡᠨᠢ᠎ᠶ᠋ᠢᠨ ᠬᠦᠯᠦᠰᠦ᠎ᠶ᠋ᠢ᠎ᠨᠢ ᠰᠡᠪᠡᠷᠡᠭᠡᠨᠡᠮ

ᠴᠢᠪᠠᠭᠠᠨ ᠤᠯᠠᠭᠠᠨ᠂ ᠽᠠᠨᠳᠠᠨ ᠬᠦᠷᠡᠩ ᠁ ᠬᠤᠷᠳᠤᠨ᠎ᠤ ᠠᠯᠳᠠᠷ᠎ᠢᠶᠠᠷ ᠳᠠᠭᠤᠷᠢᠰᠭᠤ᠎ᠳᠤ

ᠴᠠᠳᠢᠬ ᠵᠤᠵᠠᠭᠠᠨ ᠠᠳᠣᠭᠤᠨ ᠰᠠᠯᠬᠢ ᠲᠠᠢ ᠨᠣᠲᠤᠭ ᠰᠦᠨ ᠢᠷᠦᠭᠡᠯ᠎ᠢᠶᠠᠷ ᠴᠡᠯᠡᠭᠡᠷᠱᠢᠨᠡᠮ


ᠪᠠᠶᠠᠷ᠎ᠲᠠᠢ ᠵᠢᠯ᠎ᠤᠨ ᠦᠩᠭᠡ ᠣᠯᠠᠭᠠᠨ ᠣᠯᠠᠭᠠᠭ᠍ᠴᠢᠨ᠎ᠠᠴᠠ ᠡᠬᠢᠯᠡᠨ᠎ᠡ

ᠪᠠᠳᠠᠷᠠᠬᠤ᠎ᠶ᠋ᠢᠨ ᠠᠵᠠ ᠬᠡᠢᠮᠥᠷᠢ ᠭᠠᠯ᠎ᠤᠨ ᠲᠦᠯᠦ᠍ ᠱᠢᠭ ᠳᠦᠷᠡᠯᠵᠡᠨ᠎ᠡ

ᠪᠠᠢᠷᠢ᠎ᠲᠠᠢ ᠡᠷ᠎ᠡ᠎ᠶ᠋ᠢᠨ ᠲᠤᠤᠯᠢ ᠠᠭ᠍ᠲᠠ᠎ᠶ᠋ᠢᠨ ᠨᠢᠷᠣᠭᠤᠨ ᠳᠡᠭᠡᠷ᠎ᠡ ᠬᠠᠨᠠᠢᠨ᠎ᠠ

ᠪᠣᠶᠠᠨᠳᠣ ᠨᠣᠲᠤᠭ᠎ᠤᠨ ᠦᠵᠡᠰᠭᠦᠯᠡᠩ ᠰᠦᠷᠦᠭ᠎ᠤᠨ ᠪᠠᠷ᠎ᠠ᠎ᠪᠠᠷ ᠬᠠᠯᠢᠭᠤᠷᠠᠨ᠎ᠠ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号