ᠮᠤᠷᠢ — ᠤᠯᠠᠨ ᠴᠦᠬᠡᠨᠤ ᠲᠤᠳᠤᠳᠭᠠᠯᠳᠤ ᠪᠠᠢᠳᠠᠭ ᠦᠭᠡᠢ ᠲᠡᠭ᠌ᠷᠢ᠎ᠶ᠋ᠢᠨ ᠬᠢᠵᠠᠭᠠᠷ
ᠮᠤᠷᠢ — ᠤᠳᠤᠨ᠎ᠤ ᠵᠢᠷᠤᠬᠠᠢ᠎ᠪᠠᠷ ᠱᠢᠪᠱᠢᠭ᠌ᠰᠡᠨ ᠬᠡᠢᠮᠤᠷᠢ᠎ᠶ᠋ᠢᠨ ᠭᠠᠩᠭᠠᠩ ᠲᠡᠬᠦᠯᠢᠯᠳᠡ
ᠮᠤᠷᠢ — ᠲᠠᠩᠭᠠᠷᠢᠭ᠎ᠢᠶᠠᠷ ᠦᠤᠷᠰᠡᠵᠤ ᠨᠤᠳᠤᠭ ᠵᠦᠭ ᠴᠠᠬᠢᠯᠤᠬ᠍ᠰᠡᠨ ᠭᠠᠵᠠᠷ᠎ᠤᠨ ᠲᠠᠮᠠᠭ᠎ᠠ
ᠮᠤᠷᠢ — ᠲᠡᠯᠡᠬᠡᠢ᠎ᠶ᠋ᠢᠨ ᠵᠠᠢ᠎ᠳᠤ ᠨᠡᠷ᠎ᠡ᠎ᠪᠠᠨ ᠵᠢᠷᠤᠬ᠍ᠰᠡᠨ ᠲᠠᠯ᠎ᠲᠠᠢ ᠱᠢᠪᠠᠭᠤᠨ ᠭᠡᠭᠡ
ᠪᠤᠯᠠᠭᠠᠨ ᠲᠠᠯ᠎ᠠ᠎ᠶ᠋ᠢᠨ᠎ᠢᠶᠠᠨ ᠲᠡᠨᠵᠢᠨ᠎ᠳᠤ ᠪᠤᠰᠤᠭ᠎ᠠ ᠪᠠᠭᠤᠬ᠍ᠰᠡᠨ ᠰᠦᠯᠳᠡ ᠪᠤᠯ — ᠮᠤᠷᠢ
ᠪᠤᠱᠤᠭ᠎ᠠ᠎ᠳᠤ ᠴᠠᠭᠠᠨ ᠭᠡᠷ᠎ᠤᠨ᠎ᠢᠶᠠᠨ ᠡᠵᠡᠨ᠎ᠢ ᠲᠠᠨᠢᠵᠤ ᠬᠠᠨᠢᠰᠤᠬ᠍ᠰᠡᠨ ᠠᠭᠠᠷ ᠪᠤᠯ — ᠮᠤᠷᠢ
ᠪᠤᠯᠠᠩᠬᠢᠷ ᠲᠤᠭᠤᠰᠤᠳᠤ᠎ᠶ᠋ᠢ ᠬᠠᠭ᠎ᠠ ᠵᠦᠰᠦᠭ᠌ᠰᠡᠨ ᠬᠢᠯᠪᠡᠭᠡᠨ ᠤᠴᠢ ᠰᠡᠷᠡᠯ ᠪᠤᠯ — ᠮᠤᠷᠢ
ᠪᠤᠮᠠᠨ ᠲᠤᠭᠤᠷᠠᠢ᠎ᠳᠤ ᠠᠢᠵᠠᠮ᠎ᠢᠶᠠᠷ ᠬᠤᠷᠸ᠎ᠠ ᠪᠠᠶᠠᠰᠭᠠᠬ᠍ᠰᠡᠨ ᠰᠠᠬᠢᠭᠤᠰᠤ ᠪᠤᠯ — ᠮᠤᠷᠢ
ᠮᠠᠯᠴᠢᠨ ᠠᠪᠤ ᠪᠠᠷᠬᠢᠯ ᠬᠤᠭᠤᠯᠠᠢ᠎ᠪᠠᠷ ᠮᠤᠷᠢ᠎ᠪᠠᠨ ᠲᠠᠭᠤᠯᠠᠵᠤ ᠠᠮᠢᠳᠤᠷᠠᠯ᠎ᠢᠶᠠᠨ ᠤᠷᠠᠯᠠᠬ᠍ᠰᠡᠨ ᠶᠤᠮ
ᠮᠠᠯᠵᠢᠬᠤ ᠨᠤᠳᠤᠭ᠎ᠤᠨ ᠨᠡᠬᠦᠳᠡᠯ ᠰᠤᠶᠤᠯ ᠮᠤᠷᠢᠨ ᠲᠦᠷᠦᠭᠡᠨ᠎ᠳᠤ ᠦᠪᠢᠶᠠᠨ ᠲᠤᠪᠬᠢᠯᠠᠬ᠍ᠰᠡᠨ ᠶᠤᠮ
ᠮᠠᠯ᠎ᠲᠠᠢ ᠠᠢᠯ ᠪᠢᠳᠡᠨ᠎ᠤ ᠭᠠᠳᠠᠨ᠎ᠠ ᠡᠮᠡᠭᠡᠯᠳᠤ ᠮᠤᠷᠢ ᠦᠭᠡᠢ ᠪᠠᠢᠵᠤ ᠶᠡᠷᠤ᠎ᠨᠢ ᠦᠩᠭᠡᠷᠡᠭᠡ ᠦᠭᠡᠢ
ᠮᠠᠨ᠎ᠤ ᠲᠠᠨ᠎ᠤ ᠪᠦᠬᠦᠳᠡᠭᠡᠷ ᠮᠤᠷᠢᠨ᠎ᠤ᠎ᠪᠠᠨ ᠡᠭᠡᠯᠢ᠎ᠪᠠᠷ ᠬᠡᠢᠮᠤᠷᠢ᠎ᠪᠠᠨ ᠭᠤᠶᠤᠳᠠᠭ ᠪᠠᠭ᠍ᠠᠳᠠᠳ
ᠴᠤᠬᠤᠯᠵᠠᠬᠤ ᠨᠤᠭᠤᠭᠠᠨ᠎ᠤ ᠤᠷᠢ ᠠᠳᠤᠭᠤᠳ᠎ᠤᠨ ᠲᠤᠷᠬᠢᠯᠳᠠ᠎ᠠᠴᠠ ᠠᠨᠢᠷᠯᠠᠳᠠᠭ
ᠴᠡᠯᠡᠯᠵᠡᠬᠦ᠌ ᠬᠠᠩᠭᠠᠢ᠎ᠶ᠋ᠢᠨ ᠮᠡᠯᠮᠡᠢ᠎ᠠᠴᠠ ᠲᠦᠮᠡᠨ ᠠᠬ᠍ᠳᠠ᠎ᠶ᠋ᠢᠨ ᠲᠦᠪᠡᠷᠭᠡᠨ ᠨᠠᠭᠠᠱᠢᠯᠠᠳᠠᠭ
ᠴᠡᠭᠡᠯ᠎ᠤᠨ ᠤᠰᠤᠨ ᠮᠡᠯᠮᠡᠷᠡᠬᠦᠢ ᠵᠤᠨᠵᠢᠡᠷ ᠬᠦᠯᠦᠭ᠎ᠢᠶᠠᠨ ᠰᠤᠢᠵᠤ ᠤᠶᠠᠭᠠᠴᠢᠳ ᠬᠡᠢᠷᠬᠡᠳᠡᠭ
ᠴᠡᠭᠡ ᠠᠢᠷᠠᠭ᠎ᠢᠶᠠᠨ ᠪᠠᠵᠠᠭᠠᠵᠤ ᠪᠦᠰᠡᠬᠦᠢᠴᠤᠳ ᠬᠦᠨᠦᠭ ᠰᠠᠪᠠ᠎ᠪᠠᠨ ᠪᠠᠷᠢᠵᠤ ᠶᠠᠭᠠᠷᠠᠳᠠᠭ