ᠬᠠᠮᠤᠭ ᠲᠦᠮᠡᠨ᠎ᠤ ᠵᠣᠷᠢᠭ᠎ᠢ ᠬᠦᠪᠴᠢᠯᠡᠵᠦ᠍ ᠳᠡᠯᠡᠬᠡᠢ ᠬᠤᠲᠤᠯᠵᠠᠲᠠᠯᠠ ᠳᠠᠪᠬᠢᠨ᠎ᠠ
ᠬᠠᠷᠠᠯᠲᠠ᠎ᠪᠠᠨ ᠴᠢᠭ᠌ᠯᠡᠬᠦ᠌ ᠰᠣᠮᠣ ᠱᠢᠭ᠋ ᠱᠣᠣᠭᠢᠵᠣ ᠰᠠᠯᠬᠢ ᠵᠦᠰᠦᠨ ᠳᠣᠪᠲᠣᠯᠣᠨ᠎ᠠ
ᠠᠮᠵᠢᠯᠲᠠ᠎ᠪᠠᠨ ᠲᠡᠮᠳᠡᠭ᠌ᠯᠡᠬᠦ᠌ ᠣᠣᠬᠠᠢ ᠲᠣᠰᠴᠣ ᠮᠠᠭ᠍ᠳᠠᠭᠠᠯ ᠴᠤᠯᠠ᠎ᠪᠠᠷ ᠮᠢᠯᠢᠶᠠᠯᠭᠠᠨᠠ
ᠠᠯᠣᠰ᠎ᠲᠤ ᠲᠡᠮᠡᠦᠯᠬᠦ᠌ ᠬᠦᠰᠡᠯ ᠵᠢᠭᠦᠷᠯᠡᠵᠦ᠍ ᠳᠠᠭᠤᠨ᠎ᠤ ᠡᠭᠡᠱᠢᠭ᠎ᠲᠤ ᠮᠦᠩᠬᠡᠷᠡᠨ᠎ᠡ
ᠭᠠᠯ᠎ᠲᠠᠢ ᠲᠡᠯ᠎ᠢᠶᠠᠨ ᠪᠣᠰᠭᠠᠵᠣ ᠠᠭᠤᠯᠠ ᠲᠠᠯ᠎ᠠ᠎ᠶ᠋ᠢ ᠡᠪᠬᠡᠨ᠎ᠡ
ᠭᠠᠵᠠᠷ᠎ᠤᠨ ᠴᠡᠭᠡᠵᠢ ᠲᠡᠨᠢᠢᠯᠭᠡᠵᠦ᠍ ᠭᠦᠶᠦᠳᠡᠯ᠎ᠤᠨ ᠱᠢᠨᠳᠠᠰᠤ ᠭᠠᠢᠬᠠᠭᠤᠯᠤᠨ᠎ᠠ
ᠳᠣᠮᠤᠭ᠎ᠤᠨ ᠴᠠᠭᠠᠨ ᠬᠡᠭᠡ ᠲᠠᠲᠠᠭᠤᠯᠵᠣ ᠮᠠᠨᠠᠨ᠎ᠢ ᠰᠠᠷᠨᠢᠭᠤᠯᠵᠤ ᠦᠦᠷᠰᠡᠨ᠎ᠡ
ᠲᠤᠤᠯᠢᠰ᠎ᠤᠨ ᠴᠡᠩᠬᠡᠷ ᠠᠶᠠᠯᠭᠤ ᠱᠢᠷᠤᠩᠬᠠᠢᠯᠠᠵᠤ ᠪᠣᠳᠣᠯ᠎ᠤᠨ ᠬᠦᠪᠴᠢ᠎ᠶ᠋ᠢ ᠲᠡᠯᠡᠨ᠎ᠡ
ᠣᠬᠠᠭᠠᠨᠲᠣ ᠲᠦᠮᠡᠨ᠎ᠤ ᠪᠤᠶᠠᠨ᠎ᠢ ᠬᠤᠷᠤᠢᠯᠠᠭ᠍ᠰᠠᠨ ᠵᠡᠭᠡᠷᠳᠡ ᠮᠣᠷᠢ
ᠤᠳᠠᠭᠠᠨ ᠰᠤᠢᠭ᠍ᠰᠠᠨ ᠣᠮᠣᠭ᠍ᠯᠠᠩ ᠠᠷᠠᠨᠱᠢᠨ᠎ᠢᠶᠠᠷ ᠱᠢᠨ᠎ᠡ ᠠᠶᠠᠨ᠎ᠢᠶᠠᠨ ᠡᠯᠭᠦᠨ᠎ᠡ
ᠣᠷᠲᠣ᠎ᠶ᠋ᠢᠨ ᠵᠠᠮ᠎ᠳᠠᠭᠠᠨ ᠣᠨᠠᠭᠠᠨ ᠳᠠᠭᠤ᠎ᠪᠠᠷ ᠦᠦᠷᠰᠡᠬᠦ᠌ᠳᠤ ᠡᠷ᠎ᠡ᠎ᠶ᠋ᠢᠨ ᠬᠡᠢᠮᠥᠷᠢ ᠰᠡᠷᠭᠦᠨ᠎ᠡ
ᠣᠷᠣᠭ᠍ᠰᠢᠯᠠᠬᠤ ᠲᠣᠲᠣᠮ ᠨᠢᠰᠦᠨ ᠳᠡᠭᠦᠯᠢᠵᠦ᠍ ᠮᠤᠬᠤᠰᠢ ᠦᠭᠡᠢ ᠵᠣᠷᠢᠭ᠎ᠢᠶᠠᠨ ᠲᠠᠭᠤᠷᠢᠰᠤᠭᠤᠯᠤᠨ᠎ᠠ
ᠪᠦᠷᠭᠦᠳ ᠱᠢᠪᠠᠭᠤ ᠱᠢᠭ᠋ ᠱᠢᠷᠦᠭᠦᠨ ᠡᠷᠭᠢᠭᠡᠨ᠎ᠳᠤᠨᠢ ᠣᠰᠣ ᠴᠠᠯᠭᠢᠨ ᠠᠭᠤᠯᠠᠰ ᠦᠨᠳᠡᠯᠵᠡᠨ᠎ᠡ
ᠪᠦᠮᠪᠦᠷᠴᠡᠭ ᠠᠷᠢᠭᠤᠰᠭᠠᠨ ᠵᠢᠷᠤᠭᠠᠯᠠᠬᠤ᠎ᠳᠤᠨᠢ ᠵᠢᠭᠠᠷ᠎ᠤᠨ ᠦᠨᠦᠷ᠎ᠲᠠᠢ ᠰᠠᠯᠬᠢ ᠬᠦᠭ᠌ᠵᠢᠮᠳᠡᠨᠡ
ᠣᠷᠣᠭ᠍ᠰᠢ ᠳᠣᠪᠲᠣᠯᠬᠤ ᠮᠦᠷ᠎ᠢᠶᠠᠷ᠎ᠨᠢ ᠠᠮᠢᠯᠠᠯ᠎ᠤᠨ ᠪᠡᠯᠭᠡᠲᠦ ᠴᠡᠴᠡᠭ ᠮᠦᠱᠢᠶᠡᠨ ᠳᠡᠯᠭᠡᠷᠡᠨ᠎ᠡ
ᠣᠴᠢᠭ᠍ᠰᠠᠨ ᠭᠠᠵᠠᠷ ᠪᠦᠬᠦᠨ᠎ᠳᠤ᠎ᠨᠢ ᠬᠦᠰᠡᠯ᠎ᠤᠨ ᠦᠩᠭᠡᠲᠦ ᠰᠣᠯᠣᠩᠭ᠎ᠠ ᠮᠢᠷᠠᠯᠵᠠᠨ ᠲᠠᠲᠠᠨ᠎ᠠ