ᠨᠠᠢᠷᠠᠭ᠎ᠤᠨ ᠰᠦᠨᠡᠰᠦ ᠲᠠᠢ ᠡᠬᠡ ᠣᠷᠣᠨ
2026-03-11 10:51:53
ᠵᠣᠬᠢᠶᠠᠭ᠍ᠴᠢ᠄
ᠬᠠᠷᠠᠭᠳᠠᠨ ᠠᠯᠳᠠᠨᠵᠢᠮᠢᠰ
ᠣᠩᠱᠢᠭ᠍ᠰᠠᠨ ᠣᠳᠠᠭ᠎ᠠ᠄
★★★☆☆


ᠴᠡᠩᠬᠡᠷᠬᠡᠨ ᠡᠨᠡ ᠽᠠᠮᠪᠤᠯᠢᠩ᠎ᠤᠨ ᠲᠡᠯᠳᠠ᠎ᠠᠴᠠ

ᠴᠢᠯᠠᠭᠤᠳ ᠨᠢᠯᠪᠤᠰᠤ᠎ᠪᠠᠨ ᠬᠦᠷᠳᠡᠯ᠎ᠠ ᠨᠢᠭᠤᠳᠠᠭ ᠪᠠᠢᠵᠤ

ᠴᠡᠴᠡᠭ᠎ᠦᠨ ᠲᠣᠭᠣᠰᠣ᠌᠎ᠲᠠᠢ ᠰᠠᠯᠬᠢ ᠨᠠᠮᠤᠭᠤᠬᠠᠨ ᠢᠰᠬᠡᠷᠴᠦ

ᠴᠠᠭ ᠬᠤᠭᠤᠴᠠᠭᠠᠨ᠎ᠤ ᠭᠡᠭᠡᠨ ᠮᠡᠳᠡᠷᠡᠮᠵᠢ᠎ᠶᠢ ᠡᠰᠬᠡᠨ

ᠴᠢᠨᠦ ᠠᠯᠠᠭᠠᠨ ᠳᠡᠭᠡᠷ᠎ᠡ ᠠᠮᠢ ᠨᠠᠰᠤᠨ᠎ᠤ ᠭᠠᠢᠬᠠᠮᠰᠢᠭ᠋᠎ᠤᠨ

ᠴᠢᠨᠠᠳᠤ ᠲᠠᠯ᠎ᠠ᠎ᠶᠢ ᠵᠢᠷᠤᠳᠠᠭ ᠪᠠᠢᠵᠠᠢ



ᠭᠤᠷᠪᠠᠨ ᠰᠠᠷ᠎ᠠ᠎ᠪᠠᠷ ᠡᠭᠡᠯᠵᠢᠯᠡᠳᠡᠭ ᠤᠯᠠᠷᠢᠯ᠎ᠤᠨ ᠵᠢᠮ᠎ᠠ᠎ᠡᠴᠡ

ᠭᠤᠨᠢᠭ᠋᠎ᠢᠶᠠᠨ ᠮᠠᠷᠲᠠᠵᠤ ᠭᠣᠷᠣᠬ᠎ᠠ ᠳᠠᠭᠤᠤ ᠠᠶᠠᠯᠤᠨ

ᠭᠣᠪᠢ ᠬᠠᠩᠭᠠᠢ᠎ᠪᠠᠷ ᠠᠶᠠᠯᠠᠨ ᠥᠩᠭᠡᠷᠡᠬᠦ᠎ᠳᠡᠭᠡᠨ

ᠭᠤᠷᠮᠤᠰᠤᠨ ᠮᠥᠴᠡᠯᠭᠡ᠎ᠶᠢᠨ ᠤᠶᠠᠩᠭ᠎ᠠ ᠨᠠᠢᠷᠠᠭ᠎ᠢᠶᠠᠷ ᠲᠠᠲᠠᠯᠠᠵᠤ

ᠭᠤᠨᠳᠠᠭᠰᠠᠨ ᠨᠠᠪᠴᠢᠰ᠎ᠤᠨ ᠤᠭ᠎ᠠᠴᠠ ᠴᠤᠬᠤᠯᠵᠠᠭᠰᠠᠨ

ᠭᠠᠵᠠᠷ᠎ᠤᠨ ᠡᠴᠢᠨ᠎ᠡ ᠡᠪᠡᠰᠦ ᠠᠮᠢᠯᠠᠯ᠎ᠢᠶᠠᠨ ᠣᠯᠵᠤ ᠪᠤᠢᠳᠤᠭᠯᠠᠨ᠎ᠠ

ᠪᠣᠷᠣᠭ᠎ᠠ ᠴᠠᠭ ᠬᠤᠭᠤᠴᠠᠭᠠᠨ᠎ᠤ ᠬᠡᠯᠪᠡᠷᠢ᠎ᠪᠡᠷ ᠬᠤᠪᠢᠯᠤᠨ

ᠪᠤᠳᠣᠯ᠎ᠤᠨ ᠦᠵᠦᠭᠦᠷ ᠬᠥᠬᠡ ᠵᠡᠷᠭᠡᠯᠭᠡᠨ ᠲᠣᠭᠯᠠᠵᠤ ᠠᠯᠢᠶᠠᠯᠠᠨ᠎ᠠ

ᠪᠦᠪᠡᠢ ᠠᠶᠠᠯᠤᠭᠰᠠᠨ ᠡᠬᠡ ᠣᠷᠣᠨ᠎ᠤ ᠪᠠᠨ ᠦᠵᠡᠰᠬᠦᠯᠠᠩ᠎ᠢ

ᠪᠣᠯᠵᠣᠮᠣᠷ ᠵᠢᠷᠭᠢᠭᠰᠡᠨ ᠦᠷ᠎ᠦᠨ ᠲᠣᠪᠴᠢᠶᠠᠨ ᠤᠶᠠᠩᠭᠠᠯᠠᠨ᠎ᠠ

ᠪᠦᠯᠢᠶᠡᠨ ᠠᠮᠢᠰᠬᠤᠭ᠎ᠠ᠎ᠪᠠᠷ᠎ᠢᠶᠠᠨ ᠬᠣᠷᠸ᠎ᠠ᠎ᠶᠢ ᠵᠦᠬᠡᠯᠡᠯᠡᠬᠦ ᠵᠤᠨ

ᠪᠥᠮᠪᠥᠷᠴᠡᠭ ᠲᠦᠤᠬᠢᠭ᠌ᠰᠡᠨ ᠬᠠᠢᠷ᠎ᠠ᠎ᠶᠢᠨ ᠱᠠᠳ᠎ᠢ ᠲᠠᠲᠠᠯᠠᠬᠤᠢ



ᠰᠢᠪᠠᠭᠤᠳ ᠬᠣᠰᠢᠭᠤᠷᠠᠬᠤ ᠲᠡᠭᠷᠢ᠎ᠶᠢᠨ ᠵᠡᠯᠡᠨ ᠳᠡᠭᠡᠷ᠎ᠡ

ᠰᠢᠩᠬᠤᠨ ᠤᠯᠠᠭᠠᠨ ᠨᠠᠷᠠ ᠠᠮᠢᠳᠠᠨ ᠲᠦᠮᠡᠨ᠎ᠢ ᠢᠪᠡᠭᠡᠵᠦ

ᠰᠡᠭᠦᠳᠡᠷ᠎ᠢᠶᠡᠨ ᠤᠨᠠᠭᠠᠵᠤ ᠬᠣᠯᠠᠳᠬᠤ ᠡᠭᠦᠯᠡᠨ ᠳᠠᠭᠢᠨᠢᠰ

ᠰᠡᠪ ᠰᠡᠮᠬᠡᠨ ᠤᠷᠤᠭᠤᠯ᠎ᠤᠨ ᠬᠡ᠎ᠪᠡᠨ ᠦᠯᠡᠳᠡᠭᠡᠭᠡᠳ

ᠰᠡᠷᠢᠭᠦᠦ ᠲᠠᠳᠠᠨ ᠬᠤᠩᠭᠤᠷᠳᠠᠬᠤ ᠨᠠᠮᠤᠷ᠎ᠤᠨ ᠰᠢᠷᠭᠠᠯ ᠠᠶᠠᠯᠭᠤ

ᠰᠢᠯᠦᠭ᠎ᠦᠨ ᠲᠡᠷᠢᠭᠦᠨ ᠪᠠᠳᠠᠭ᠎ᠲᠤ ᠪᠢᠷ ᠬᠤᠷᠴᠠᠯᠠᠨ ᠳᠠᠷᠭᠢᠨ᠎ᠠ

ᠴᠠᠰᠤᠨ᠎ᠤ ᠮᠥᠩᠭᠥᠨ ᠬᠥᠰᠢᠭᠡ᠎ᠪᠡᠷ ᠦᠯᠢᠬᠡᠷ᠎ᠦᠨ ᠬᠥᠳᠡᠭᠡ ᠴᠠᠢᠷᠠᠨ᠎ᠠ

ᠴᠠᠭᠯᠠᠰᠢ ᠦᠭᠡᠢ ᠠᠷᠢᠭᠤᠨ ᠴᠡᠴᠡᠭ᠎ᠦᠳ ᠬᠠᠴᠠᠷ᠎ᠢ ᠮᠢᠨᠢ ᠲᠠᠭᠠᠯᠠᠨ

ᠴᠢᠮᠡᠭᠡ ᠦᠭᠡᠢ ᠢᠭᠳᠦᠯᠬᠦ ᠬᠠᠢᠷ᠎ᠠ᠎ᠶᠢᠨ ᠣᠴᠢ ᠭᠡᠮᠡᠷ

ᠴᠠᠭᠠᠨ ᠲᠡᠯᠪᠢ ᠠᠯᠠᠭᠠᠨ ᠳᠡᠭᠡᠷ᠎ᠡ ᠮᠢᠨᠢ ᠠᠯᠢᠶᠠᠯᠠᠨ ᠳᠡᠷᠪᠡᠭᠰᠡᠭᠡᠷ

ᠴᠠᠬᠢᠯᠵᠤ ᠤᠳᠬᠤ ᠣᠨ ᠵᠢᠯ᠎ᠦᠨ ᠬᠦᠷᠳᠦᠨ᠎ᠳᠦ ᠠᠮᠢ ᠨᠠᠰᠤᠨ᠎ᠤ ᠭᠤᠸ᠎ᠠ

ᠴᠡᠩᠭᠡᠬᠦᠨ ᠡᠳᠦᠷ᠎ᠦᠨ ᠰᠦᠯᠳᠡ ᠪᠣᠯᠵᠤ ᠠᠰᠠᠨ ᠳᠦᠷᠡᠯᠵᠡᠨ᠎ᠡ




ᠨᠤᠲᠤᠭ᠎ᠤᠨ ᠤᠶᠠᠩᠭ᠎ᠠ ᠨᠠᠢᠷᠠᠭ᠎ᠤᠨ ᠰᠦᠨᠡᠰᠦ ᠲᠠᠢ

ᠨᠠᠰᠤᠨ᠎ᠤ ᠵᠤᠯᠪᠤᠭ᠎ᠠ ᠨᠠᠢᠷᠠᠭ᠎ᠤᠨ ᠰᠢᠨᠳᠠᠰᠤ ᠲᠠᠢ

ᠰᠦᠨᠡᠰᠦ ᠲᠠᠢ ᠪᠦᠬᠦᠨ ᠲᠠᠬᠢᠨ  ᠠᠮᠢᠯᠠᠵᠤ

ᠰᠦᠵᠢᠭ ᠲᠠᠢ ᠪᠦᠬᠦᠨ ᠲᠠᠬᠢᠨ ᠡᠬᠢᠯᠡᠬᠦ ᠬᠣᠷᠸ᠎ᠠ᠎ᠶᠢᠨ ᠵᠢᠮ᠎ᠡ᠎ᠪᠠᠷ

ᠽᠠᠨᠳᠠᠨ ᠮᠣᠳᠣ᠌ ᠲᠠᠤᠯᠠᠢ ᠲᠠᠢ᠎ᠪᠠᠨ ᠬᠠᠷᠠᠩᠭᠤᠢ᠎ᠶᠢ ᠤᠶᠠᠩᠭᠠᠯᠠᠳᠠᠭ

ᠽᠠᠮᠪᠤᠯᠢᠩ᠎ᠤᠨ ᠬᠡᠬᠡᠨ ᠰᠦᠨᠡᠰᠦᠨ᠎ᠳᠦ ᠢᠷᠠᠭᠤ ᠨᠠᠢᠷᠠᠭ ᠣᠷᠣᠰᠢᠳᠠᠭ

ᠡᠩᠬᠡ᠎ᠶᠢᠨ ᠰᠠᠢᠬᠠᠨ ᠢᠷᠡᠭᠡᠳᠦᠢ ᠨᠠᠮ᠎ᠠ᠎ᠶᠢ ᠪᠠᠷᠠᠯᠠᠨ᠎ᠠ

ᠡᠬᠡ ᠣᠷᠣᠨ ᠭᠡᠵᠦ ᠨᠠᠳᠠ ᠮᠥᠩᠬᠡ᠎ᠶᠢᠨ ᠬᠡᠷᠡᠯ ᠪᠠᠢᠯ᠎ᠠ


ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号