ᠤᠯᠠᠭᠠᠨ ᠮᠣᠷᠢᠨ ᠵᠢᠯ ᠮᠢᠨᠢ
2026-03-11 10:58:15
ᠵᠣᠬᠢᠶᠠᠭ᠍ᠴᠢ᠄
ᠬᠦ᠊·ᠺᠦᠶᠧ (ᠰᠢᠨᠵᠢᠶᠠᠩ)
ᠣᠩᠱᠢᠭ᠍ᠰᠠᠨ ᠣᠳᠠᠭ᠎ᠠ᠄
★★★☆☆


ᠳᠡᠯ ᠬᠡᠢᠰᠦᠮ᠎ᠡ ᠰᠦᠷ᠎ᠢᠶᠠᠷ᠎ᠢᠶᠠᠨ ᠲᠠᠯ᠎ᠠ᠎ᠶ᠋ᠢᠨ ᠴᠠᠰᠣ᠎ᠶ᠋ᠢ ᠪᠣᠳᠠᠷᠠᠭᠤᠯᠵᠤ

ᠳᠡᠷᠭᠡ ᠬᠦᠢᠴᠡᠮ᠎ᠠ ᠬᠦᠶᠦᠳᠡᠯ᠎ᠢᠶᠠᠷ᠎ᠢᠶᠠᠨ ᠵᠠᠮ᠎ᠤᠨ ᠴᠢᠯᠠᠭᠤ᠎ᠶ᠋ᠢ ᠰᠠᠴᠣᠷᠠᠭᠤᠯᠤᠭ᠍ᠰᠠᠨ

ᠴᠢᠩᠬᠢᠨᠠᠮ᠎ᠠ ᠰᠠᠢᠬᠠᠨ ᠦᠦᠷᠰᠡᠭᠡ᠎ᠪᠠᠷ᠎ᠢᠶᠠᠨ ᠦᠷᠯᠦᠬᠡ᠎ᠶ᠋ᠢᠨ ᠱᠢᠪᠠᠭᠤᠳ᠎ᠢ ᠰᠣᠴᠢᠭᠠᠵᠤ

ᠴᠡᠭᠡ ᠢᠳᠡᠭᠡ᠎ᠶ᠋ᠢᠨ ᠳᠡᠬᠡᠵᠢ᠎ᠪᠠᠷ᠎ᠢᠶᠠᠨ ᠠᠭᠤᠯᠠ ᠬᠠᠢᠷᠬᠠᠨ᠎ᠢᠶᠠᠨ ᠢᠷᠦᠭᠡᠭ᠌ᠰᠡᠨ

            ᠤᠯᠠᠭᠠᠨ ᠮᠣᠷᠢᠨ ᠵᠢᠯ᠎ᠤᠨ ᠮᠢᠨᠢ ᠬᠡᠢᠮᠣᠷᠢ ᠬᠤᠷᠣᠢ ᠬᠤᠷᠣᠢ

            ᠤᠯᠤᠰ ᠦᠨᠳᠦᠰᠦᠳᠡᠨ᠎ᠤ ᠮᠢᠨᠢ ᠬᠦᠭ᠌ᠵᠢᠯ ᠬᠤᠷᠣᠢ ᠬᠤᠷᠣᠢ

ᠪᠣᠰᠤᠭ᠎ᠠ ᠳᠦᠷᠪᠡᠨ ᠬᠦᠯ᠎ᠢᠶᠠᠷ᠎ᠢᠶᠠᠨ ᠪᠦᠮᠪᠦᠷᠴᠡᠭ ᠳᠡᠯᠡᠬᠡᠢ᠎ᠶ᠋ᠢ ᠳᠣᠯᠵᠣ

ᠪᠣᠯᠣᠳ ᠬᠠᠳᠠᠭᠤ ᠲᠣᠭᠤᠷᠠᠢ᠎ᠪᠠᠷ᠎ᠢᠶᠠᠨ ᠬᠡᠬᠡᠷ᠎ᠡ ᠲᠠᠯ᠎ᠠ᠎ᠶ᠋ᠢ ᠬᠤᠳᠣᠯᠵᠠᠭᠤᠯᠤᠭ᠍ᠰᠠᠨ

ᠲᠡᠭ᠌ᠰᠢ ᠰᠠᠢᠬᠠᠨ ᠵᠣ᠎ᠳᠠᠭᠠᠨ ᠨᠠᠷᠠ ᠰᠠᠷᠠ᠎ᠶ᠋ᠢ ᠰᠠᠭᠠᠳᠠᠭᠤᠯᠵᠤ

ᠲᠡᠩᠬᠡᠭᠡ ᠴᠢᠳᠠᠯ ᠬᠤᠶᠠᠷ ᠶ᠋ᠢᠡᠷ᠎ᠢᠶᠠᠨ ᠠᠭᠤᠯᠠ ᠳᠠᠪᠠᠭ᠎ᠠ᠎ᠶ᠋ᠢ ᠳᠣᠭᠤᠯᠣᠭ᠍ᠰᠠᠨ

            ᠤᠯᠠᠭᠠᠨ ᠮᠣᠷᠢᠨ ᠵᠢᠯ᠎ᠤᠨ ᠮᠢᠨᠢ ᠬᠡᠢᠮᠣᠷᠢ ᠬᠤᠷᠣᠢ ᠬᠤᠷᠣᠢ

            ᠤᠯᠤᠰ ᠦᠨᠳᠦᠰᠦᠳᠡᠨ᠎ᠤ ᠮᠢᠨᠢ ᠬᠦᠭ᠌ᠵᠢᠯ ᠬᠤᠷᠣᠢ ᠬᠤᠷᠣᠢ

ᠬᠠᠷᠠᠴᠠ ᠲᠤᠩᠭᠠᠯᠠᠭ ᠨᠢᠳᠦ᠍᠎ᠪᠠᠷ᠎ᠢᠶᠠᠨ ᠳᠡᠯᠡᠬᠡᠢ ᠶᠢᠷᠳᠢᠨᠴᠦ᠍᠎ᠶ᠋ᠢ ᠪᠠᠷᠠᠯᠠᠵᠤ

ᠬᠠᠢᠴᠢᠨ ᠰᠣᠨᠣᠷᠴᠢ ᠴᠢᠬᠢ᠎ᠪᠠᠷ᠎ᠢᠶᠠᠨ ᠬᠤᠯᠠ᠎ᠶ᠋ᠢᠨ ᠴᠢᠮᠡᠭᠡ᠎ᠶ᠋ᠢ ᠠᠨᠢᠷᠯᠠᠭ᠍ᠰᠠᠨ

ᠲᠤᠷᠭᠠᠨ ᠵᠦᠬᠡᠯᠡᠨ ᠠᠮᠢᠰᠭᠤᠭ᠎ᠠ᠎ᠪᠠᠷ᠎ᠢᠶᠠᠨ ᠲᠠᠯ᠎ᠠ᠎ᠶ᠋ᠢᠨ ᠴᠡᠴᠡᠭ᠎ᠢ ᠨᠠᠢᠭᠤᠯᠵᠦ

ᠳᠦᠬᠡ ᠵᠣᠵᠠᠭᠠᠨ ᠰᠠᠩᠮᠠᠢ᠎ᠪᠠᠷ᠎ᠢᠶᠠᠨ ᠣᠳᠣᠨ ᠮᠡᠴᠢᠳ᠎ᠢ ᠨᠠᠭᠠᠳᠤᠭᠣᠯᠤᠭ᠍ᠰᠠᠨ

            ᠤᠯᠠᠭᠠᠨ ᠮᠣᠷᠢᠨ ᠵᠢᠯ᠎ᠤᠨ ᠮᠢᠨᠢ ᠬᠡᠢᠮᠣᠷᠢ ᠬᠤᠷᠣᠢ ᠬᠤᠷᠣᠢ

            ᠤᠯᠤᠰ ᠦᠨᠳᠦᠰᠦᠳᠡᠨ᠎ᠤ ᠮᠢᠨᠢ ᠬᠦᠭ᠌ᠵᠢᠯ ᠬᠤᠷᠣᠢ ᠬᠤᠷᠣᠢ

ᠰᠠᠵᠢᠯᠠᠬᠤ ᠳᠠᠯᠪᠠᠭ᠎ᠠ ᠰᠡᠬᠦᠯ᠎ᠢᠶᠠᠷ᠎ᠢᠶᠠᠨ ᠬᠡᠱᠢᠭ ᠪᠣᠶᠠᠨ᠎ᠢᠶᠠᠨ ᠳᠠᠯᠠᠯᠵᠤ

ᠰᠠᠢᠪᠤᠷ ᠵᠢᠷᠤᠭ᠎ᠠ ᠬᠦᠶᠦᠲᠡᠯ᠎ᠢᠶᠠᠷ᠎ᠢᠶᠠᠨ ᠵᠠᠮ᠎ᠤᠨ ᠲᠤᠭᠤᠰᠤ ᠬᠦᠪᠢᠭ᠌ᠰᠡᠨ

ᠴᠡᠯᠬᠡ ᠳᠣᠭ᠍ᠰᠢᠨ ᠵᠠᠩ᠎ᠢᠶᠠᠷ᠎ᠢᠶᠠᠨ ᠳᠠᠢᠰᠤᠨ ᠠᠨᠳᠠ ᠪᠠᠨ ᠢᠯᠭᠠᠵᠤ

ᠴᠡᠮᠪᠡᠬᠡᠷ ᠬᠢᠩᠭᠠᠨ ᠬᠠᠮᠠᠷ᠎ᠢᠶᠠᠷ᠎ᠢᠶᠠᠨ ᠭᠠᠵᠠᠷ ᠦᠨᠦᠷᠯᠡᠨ ᠭᠠᠵᠠᠷᠴᠢᠯᠠᠳᠠᠭ

           ᠤᠯᠠᠭᠠᠨ ᠮᠣᠷᠢᠨ ᠵᠢᠯ᠎ᠤᠨ ᠮᠢᠨᠢ ᠬᠡᠢᠮᠣᠷᠢ ᠬᠤᠷᠣᠢ ᠬᠤᠷᠣᠢ

           ᠤᠯᠤᠰ ᠦᠨᠳᠦᠰᠦᠳᠡᠨ᠎ᠤ ᠮᠢᠨᠢ ᠬᠦᠭ᠌ᠵᠢᠯ ᠬᠤᠷᠣᠢ ᠬᠤᠷᠣᠢ

ᠴᠣᠮᠪᠣᠩ ᠳᠦᠷᠪᠠᠨ ᠳᠣᠭᠤᠷᠠᠢ᠎ᠪᠠᠷ᠎ᠢᠶᠠᠨ ᠨᠣᠳᠤᠭ ᠣᠰᠣ᠎ᠪᠠᠨ ᠳᠠᠮᠠᠭᠠᠯᠠᠵᠤ

ᠴᠣᠭ᠍ᠯᠢᠭ ᠰᠠᠢᠬᠠᠨ ᠵᠢᠪᠬᠤᠭ᠎ᠠ᠎ᠪᠠᠷ᠎ᠢᠶᠠᠨ ᠬᠠᠢᠷᠠᠳᠠᠢ ᠡᠵᠡᠨ᠎ᠢᠶᠠᠨ ᠪᠠᠶᠠᠰᠭᠠᠭ᠍ᠰᠠᠨ

ᠴᠣᠣᠳᠠᠢ ᠬᠤᠷᠳᠣᠨ ᠠᠯᠳᠠᠷ᠎ᠢᠶᠠᠷ᠎ᠢᠶᠠᠨ ᠤᠯᠤᠰ ᠳᠠᠶᠠᠭᠠᠷ ᠲᠠᠭᠤᠷᠢᠰᠴᠤ

ᠴᠣᠯ ᠠᠯᠳᠠᠨ ᠮᠧᠳᠠᠯ᠎ᠢᠶᠠᠷ᠎ᠢᠶᠠᠨ ᠪᠠᠭᠠᠳᠣᠷ ᠤᠶᠠᠭᠠᠴᠢ᠎ᠪᠠᠨ ᠮᠢᠯᠢᠶᠠᠯᠭᠠᠭ᠍ᠰᠠᠨ

          ᠤᠯᠠᠭᠠᠨ ᠮᠣᠷᠢᠨ ᠵᠢᠯ᠎ᠤᠨ ᠮᠢᠨᠢ ᠬᠡᠢᠮᠣᠷᠢ ᠬᠤᠷᠣᠢ ᠬᠤᠷᠣᠢ

          ᠤᠯᠤᠰ ᠦᠨᠳᠦᠰᠦᠳᠡᠨ᠎ᠤ ᠮᠢᠨᠢ ᠬᠦᠭ᠌ᠵᠢᠯ ᠬᠤᠷᠣᠢ ᠬᠤᠷᠣᠢ


ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号