ᠡᠪᠤᠯ ᠪᠤᠯᠬᠤ ᠰᠠᠢᠬᠠᠨ
2026-03-11 10:59:29
ᠵᠣᠬᠢᠶᠠᠭ᠍ᠴᠢ᠄
ᠬᠢᠯᠤᠭᠡᠨ ᠫ᠊·ᠴᠢᠯᠠᠭᠤᠨᠪᠠᠳᠤ
ᠣᠩᠱᠢᠭ᠍ᠰᠠᠨ ᠣᠳᠠᠭ᠎ᠠ᠄
★★★☆☆


ᠰᠡᠮᠪᠡᠢᠬᠦ᠌ ᠴᠠᠭᠠᠨ ᠬᠢᠷᠠᠭᠤ

ᠦᠯᠴᠢᠷ ᠮᠠᠯ᠎ᠤᠨ ᠵᠣ ᠲᠡᠭᠡᠷ᠎ᠡ ᠬᠢᠯᠳᠠᠭᠠᠨᠠᠵᠤ

ᠰᠡᠷᠢᠬᠦᠨ ᠴᠡᠩᠬᠡᠷ ᠠᠮᠢᠰᠭᠤᠯ

ᠤᠷᠴᠢᠯᠠᠩ᠎ᠤᠨ ᠬᠦᠨ᠎ᠠᠴᠠ ᠢᠷᠪᠡᠭᠡᠨᠡᠭ᠌ᠰᠡᠨ

ᠬᠦᠯᠮᠤᠢᠬᠦ᠌ ᠠᠭᠤᠵᠢᠭᠤ ᠴᠠᠭ᠎ᠤᠨ ᠡᠪᠤᠷ᠎ᠲᠤ

ᠬᠦᠢᠳᠡᠨ ᠡᠪᠤᠯ ᠪᠤᠯᠬᠤ ᠰᠠᠢᠬᠠᠨ ᠡ



ᠭᠤᠩᠬᠠᠵᠤ ᠲᠡᠷᠪᠡᠳᠡᠭ ᠦᠬᠢᠳ ᠪᠦᠰᠡᠬᠦᠢ᠎ᠶ᠋ᠢᠨ

ᠨᠢᠮᠬᠡᠨ ᠬᠠᠯᠠᠭ᠎ᠠ᠎ᠶ᠋ᠢ ᠬᠤᠷᠠᠭᠠᠨ ᠲᠡᠪᠡᠯ᠎ᠲᠠᠢ ᠤᠢᠷᠠᠳᠤᠭᠤᠯᠵᠤ

ᠭᠠᠳᠠᠨ᠎ᠠ ᠲᠤᠳᠤᠨ᠎ᠠ᠎ᠶ᠋ᠢᠨ ᠵᠠᠢᠴᠢᠯᠠᠯ᠎ᠠᠴᠠ

ᠭᠠᠯ᠎ᠲᠠᠢ ᠤᠷᠴᠢᠨ᠎ᠢ ᠡᠷᠬᠡ ᠦᠭᠡᠢ ᠰᠠᠨᠠᠬ᠍ᠳᠠᠭᠤᠯᠤᠬ᠍ᠰᠡᠨ

ᠤᠨ ᠰᠠᠷ᠎ᠠ᠎ᠶ᠋ᠢᠨ ᠰᠡᠬᠦᠯᠴᠢ ᠡᠷᠢᠬᠡ ᠱᠢᠪᠳᠤᠷᠴᠤ᠌

ᠡᠪᠤᠯ᠎ᠤᠨ ᠤᠯᠠᠷᠢᠯ ᠰᠠᠭᠠᠳᠠᠬᠤ ᠰᠠᠢᠬᠠᠨ ᠡ



ᠵᠤᠪᠴᠠᠭ᠎ᠠ ᠲᠠᠷᠤᠨ ᠮᠤᠷᠳᠠᠬᠤ ᠡᠷᠡᠴᠤᠳ᠎ᠤᠨ

ᠵᠤᠷᠢᠭ᠎ᠤᠨ ᠡᠷᠴᠢ᠎ᠶ᠋ᠢ ᠴᠢᠩᠭᠠᠯᠠᠵᠤ

ᠵᠤᠤᠵᠠᠢ ᠱᠠᠷᠭᠢᠭᠤᠯᠤᠨ ᠲᠤᠪᠳᠤᠯᠤᠭ᠎ᠠ ᠬᠦᠯᠦᠭ᠎ᠤᠨ ᠬᠢᠨᠢ

ᠴᠤᠮᠪᠤᠨ ᠲᠤᠭᠤᠷᠠᠢ᠎ᠠᠴᠠ ᠴᠢᠨᠳᠠᠮᠤᠨᠢ ᠯᠠᠪᠰᠠ ᠪᠤᠳᠠᠷᠠᠬᠤ

ᠴᠠᠩ ᠬᠠᠭᠠᠷᠢᠬ᠍ᠰᠡᠨ ᠲᠡᠯᠡᠬᠡᠢ᠎ᠶ᠋ᠢᠨ ᠠᠯᠠᠭᠠᠨ᠎ᠳᠤ

ᠴᠠᠰᠤᠳᠠᠢ ᠡᠪᠤᠯ ᠵᠢᠩ᠎ᠲᠠᠢ ᠢᠷᠡᠬᠦ᠌ ᠰᠠᠢᠬᠠᠨ ᠡ

ᠲᠡᠷᠬᠢᠯᠤᠬ᠍ᠰᠡᠨ ᠴᠠᠢ᠎ᠶ᠋ᠢᠨ ᠦᠨᠤᠷ

ᠲᠤᠭᠤᠨᠤ᠎ᠶ᠋ᠢᠨ ᠭᠡᠭᠡᠪᠴᠢ᠎ᠪᠠᠷ ᠴᠤᠷᠬᠢᠨ ᠬᠠᠩᠬᠤᠯᠵᠤ

ᠲᠡᠭᠡᠪᠤᠷᠳᠤ ᠭᠡᠷ᠎ᠤᠨ ᠬᠤᠢᠮᠤᠷ ᠲᠦᠩᠬᠦᠢᠭ᠌ᠰᠡᠨ

ᠲᠤᠮᠤᠭᠠᠳᠠᠨ ᠨᠠᠰᠤᠳᠠᠳ᠎ᠤᠨ ᠵᠤᠭᠤᠭ ᠲᠡᠯᠭᠡᠷᠡᠩᠬᠦᠢ

ᠦᠶ᠎ᠡ ᠦᠶᠡᠭᠡᠨ ᠦᠷᠬᠦᠬᠡᠨ᠎ᠤ ᠠᠭᠤᠷ ᠰᠠᠪᠰᠠᠯᠠᠬ᠍ᠰᠡᠨ

ᠦᠷᠭᠡᠨ ᠬᠠᠩᠭᠠᠢ᠎ᠳᠤ ᠡᠪᠤᠯ ᠴᠡᠮᠪᠡᠢᠬᠦ᠌ ᠰᠠᠢᠬᠠᠨ ᠡ



ᠱᠢᠷᠭᠠᠯᠳᠤᠨ ᠲᠠᠬ᠍ᠰᠢᠬᠤ ᠵᠡᠭᠡᠷ᠎ᠡ ᠬᠤᠯᠠᠨ ᠨᠣᠭᠣᠳ

ᠵᠡᠯᠢᠬᠦᠳ ᠬᠦᠨᠳᠡᠢ᠎ᠪᠠᠷ ᠴᠢᠯᠤᠭᠡ᠎ᠲᠠᠢ ᠤᠷᠤᠩᠨᠠᠵᠤ

ᠱᠢᠯᠢ ᠨᠢᠷᠤᠭᠤ ᠠᠭᠤᠯᠠ ᠲᠠᠪᠠᠭ᠎ᠠ ᠪᠤᠯᠭᠠᠨ

ᠮᠦᠩᠬᠦᠨ ᠬᠤᠶᠠᠭ᠎ᠢᠶᠠᠨ ᠦᠪᠴᠢ ᠬᠡᠳᠤᠷᠦᠭ᠌ᠰᠡᠨ ᠁

ᠠᠯᠤᠰ᠎ᠤᠨ ᠠᠯᠤᠰ ᠠᠷᠤ ᠨᠤᠳᠤᠭ᠎ᠤᠨ ᠬᠢᠵᠠᠭᠠᠷ᠎ᠲᠤ

ᠠᠶᠠᠨᠳᠠᠭᠠᠨ ᠤᠯᠠᠷᠢᠵᠤ ᠡᠪᠤᠯ ᠪᠤᠯᠬᠤ ᠰᠠᠢᠬᠠᠨ ᠡ!

ᠠᠢ ᠳ᠋ᠠ — ᠮᠦᠨᠴᠤ᠌

ᠤᠯᠠᠷᠢᠯ᠎ᠢᠶᠠᠨ ᠲᠠᠭᠠᠬ᠍ᠰᠡᠨ ᠡᠬᠡ ᠨᠤᠳᠤᠭ ᠮᠢᠨᠢ

ᠠᠷᠰᠢ ᠮᠡᠳᠤ ᠡᠪᠤᠯ᠎ᠲᠠᠢ᠎ᠪᠠᠨ ᠵᠤᠯᠭᠠᠬᠤ ᠰᠠᠢᠬᠠᠨ ᠡ⁈


ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号