ᠡᠪᠦᠯ᠎ᠤᠨ ᠭᠤᠷᠪᠠᠨ ᠰᠠᠷ᠎ᠠ
2026-03-11 10:56:12
ᠵᠣᠬᠢᠶᠠᠭ᠍ᠴᠢ᠄
ᠭᠠ᠊·ᠥᠯᠵᠡᠢ
ᠣᠩᠱᠢᠭ᠍ᠰᠠᠨ ᠣᠳᠠᠭ᠎ᠠ᠄
★★★☆☆

             (ᠳᠠᠭᠠᠯᠲᠠ ᠬᠤᠶᠠᠷ ᠱᠢᠯᠦᠭ)

ᠦᠯᠦ᠍ ᠬᠡᠯᠡᠭ᠌ᠴᠢ ᠦᠭᠡᠰ᠎ᠤᠳ ᠴᠤᠬᠤᠮ ᠴᠢᠨᠦ᠍ ᠶᠤᠮ ᠦᠦ ᠮᠢᠨᠦ᠍ ᠶᠤᠮ ᠦᠦ ᠭᠡᠵᠦ᠍

ᠡᠪᠦᠯ᠎ᠤᠨ ᠭᠤᠷᠪᠠᠨ ᠰᠠᠷ᠎ᠠ᠎ᠶᠢ ᠳᠠᠭᠤᠰᠲᠠᠯ᠎ᠠ ᠭᠡᠶᠦᠷᠡᠬᠦ᠌᠎ᠨᠢ

ᠦᠯᠦ᠍ ᠴᠥᠬᠦᠷᠡᠭ᠌ᠴᠢ ᠭᠡᠶᠦᠷᠡᠯ᠎ᠤᠳ ᠴᠤᠬᠤᠮ ᠴᠢᠨᠦ᠍ ᠶᠤᠮ ᠦᠦ ᠮᠢᠨᠦ᠍ ᠶᠤᠮ ᠦᠦ ᠭᠡᠵᠦ᠍

ᠡᠪᠦᠯ᠎ᠤᠨ ᠭᠤᠷᠪᠠᠨ ᠰᠠᠷ᠎ᠠ᠎ᠶ᠋ᠢ ᠳᠠᠭᠤᠰᠲᠠᠯ᠎ᠠ ᠲᠦᠳᠡᠭᠡᠯᠵᠡᠬᠦ᠌᠎ᠨᠢ

ᠦᠯᠦ᠍ ᠴᠤᠴᠠᠷᠠᠭ᠍ᠴᠢ ᠲᠦᠳᠡᠭᠡᠯᠵᠡᠯ᠎ᠤᠳ ᠴᠤᠬᠤᠮ ᠴᠢᠨᠦ᠍ ᠶᠤᠮ ᠦᠦ ᠮᠢᠨᠦ᠍ ᠶᠤᠮ ᠦᠦ ᠭᠡᠵᠦ᠍

ᠡᠪᠦᠯ᠎ᠤᠨ ᠭᠤᠷᠪᠠᠨ ᠰᠠᠷ᠎ᠠ᠎ᠶᠢ ᠡᠪᠦᠯ᠎ᠤᠨ ᠭᠤᠷᠪᠠᠨ ᠰᠠᠷ᠎ᠠ ᠮᠡᠲᠦ ᠥᠩᠭᠡᠷᠡᠭᠦᠯᠬᠦ᠌᠎ᠨᠢ

ᠦᠯᠦ᠍ ᠬᠡᠯᠡᠭ᠌ᠴᠢ᠂ ᠦᠯᠦ᠍ ᠴᠥᠬᠦᠷᠡᠭ᠌ᠴᠢ᠂ ᠦᠯᠦ᠍ ᠴᠤᠴᠠᠷᠠᠭ᠍ᠴᠢ

ᠡᠪᠦᠯ᠎ᠤᠨ ᠭᠤᠷᠪᠠᠨ ᠰᠠᠷ᠎ᠠ᠂ ᠡᠪᠦᠯ᠎ᠤᠨ ᠭᠤᠷᠪᠠᠭ᠍ᠠᠨ ᠰᠠᠷ᠎ᠠ



ᠴᠠᠰᠤ

ᠰᠠᠪᠬᠢᠯ ᠦᠭᠡᠢ ᠬᠠᠶᠠᠯᠠᠬᠤ ᠲᠤᠩᠭᠠᠯᠠᠭ ᠮᠥᠷᠥᠭᠡᠳᠦᠯ ᠭᠦᠨ᠎ᠠᠴᠠ ᠡᠬᠢᠯᠡᠨ᠎ᠡ

ᠬᠡᠨ᠎ᠤ ᠴᠦ᠍ ᠮᠡᠳᠡᠬᠦ᠌ ᠦᠭᠡᠢ ᠠᠯᠤᠰ᠎ᠲᠤ ᠱᠢᠪᠠᠭᠤᠳ ᠬᠤᠪᠢᠯᠵᠤ ᠬᠤᠯᠠᠳᠠᠨ᠎ᠠ ᠦᠦ

ᠰᠡᠭᠦᠳᠡᠷ ᠦᠭᠡᠢ ᠨᠠᠮᠢᠷᠠᠬᠤ ᠭᠡᠭᠡᠨ ᠴᠢᠨᠠᠷ ᠥᠨᠳᠥᠷ᠎ᠠᠴᠠ ᠢᠷᠡᠨ᠎ᠠ

ᠬᠡᠨ᠎ᠳᠤ ᠴᠦ᠍ ᠶᠠᠷᠢᠳᠠᠭ ᠦᠭᠡᠢ ᠦᠭᠡᠰ᠎ᠨᠢ ᠱᠢᠯᠦᠭ ᠠᠮᠢᠯᠠᠵᠤ ᠭᠠᠵᠠᠷᠳᠠᠨ᠎ᠠ ᠦᠦ

ᠬᠠᠶᠠᠯᠠᠵᠤ ᠪᠤᠶ ᠴᠠᠰᠤᠨ ᠥᠭᠡᠳᠡ᠎ᠠᠴᠠ ᠪᠦᠵᠢᠬᠦ᠌᠎ᠨᠢ ᠪᠠᠶᠠᠰᠭᠤ ᠮᠡᠲᠦ ᠦᠵᠡᠰᠭᠦᠯᠡᠩ

ᠬᠠᠲᠠ ᠴᠢᠯᠠᠭᠤᠳ ᠬᠦᠷᠲᠡᠯ᠎ᠡ ᠭᠡᠷᠡᠯᠳᠦᠬᠦ᠌᠎ᠨᠢ ᠵᠢᠷᠤᠭ᠎ᠤᠨ ᠮᠡᠲᠦ ᠨᠠᠮᠪᠠ

ᠬᠠᠢᠯᠵᠤ ᠪᠤᠶ ᠴᠠᠰᠤᠨ ᠳᠡᠯᠡᠬᠡᠶ᠎ᠳᠡᠭᠡᠨ ᠱᠢᠩᠭᠡᠬᠦ᠌᠎ᠨᠢ ᠲᠡᠭᠦᠯᠳᠡᠷᠵᠢᠵᠤ ᠪᠤᠶ᠎ᠶ᠋ᠢᠨ ᠤᠳᠭ᠎ᠠ

ᠬᠠᠷᠢᠨ ᠪᠢ ᠵᠣᠨ᠎ᠤ ᠲᠤᠬᠠᠶ ᠱᠢᠯᠦᠭ ᠰᠡᠳᠭᠢᠬᠦ᠌᠎ᠨᠢ ᠳᠡᠯᠭᠡᠷᠡᠬᠦ᠌ ᠮᠡᠲᠦ ᠵᠢᠷᠭᠠᠯᠠᠩ



ᠨᠢᠴᠦᠭᠦᠨ ᠬᠦᠢᠲᠡᠨ

ᠰᠠᠯᠬᠢ ᠦᠭᠡᠢ ᠨᠠᠮᠤᠭᠤᠬᠠᠨ ᠴᠤ᠌ ᠬᠦᠢᠲᠡᠨ᠎ᠨᠢ ᠬᠠᠷᠠᠭ᠍ᠳᠠᠬᠤ ᠡᠪᠦᠯ᠎ᠤᠨ ᠰᠥᠨᠢ᠎ᠶᠢ

ᠰᠠᠭᠠᠷᠠᠯ ᠮᠠᠨᠠᠨ ᠬᠥᠨᠵᠢᠯᠡ ᠱᠢᠭ ᠬᠤᠴᠢᠭᠠᠳ ᠬᠦᠢᠲᠡᠨ᠎ᠢ᠎ᠨᠢ ᠬᠠᠯᠬᠠᠯᠠᠭ᠍ᠰᠠᠨ ᠴᠤ᠌

ᠲᠡᠰᠭᠡᠯ ᠦᠭᠡᠶ ᠬᠥᠨᠵᠢᠯᠡ᠎ᠪᠠᠨ ᠨᠡᠪᠲᠠᠯᠦᠨ ᠭᠠᠷᠤᠭ᠍ᠰᠠᠨ ᠲᠡᠷᠡ ᠬᠦᠢᠲᠡᠨ

ᠲᠩᠷᠢ᠎ᠶ᠋ᠢᠨ ᠲᠠᠩᠨᠠᠢ᠎ᠳᠤ ᠲᠣᠯᠣᠭᠠᠳ ᠠᠬᠢᠭᠠᠳ ᠭᠠᠵᠠᠷ ᠬᠥᠮᠥᠷᠢᠨ ᠪᠠᠭᠤᠨ᠎ᠠ



ᠤᠢᠳᠭᠠᠷᠲᠠᠶ ᠨᠠᠮᠤᠭᠤᠬᠠᠨ ᠠᠲᠠᠯ᠎ᠠ ᠤᠢᠳᠦᠰᠢ ᠦᠭᠡᠢ ᠲᠠᠰ ᠨᠢᠰ ᠬᠦᠢᠲᠡᠨ

ᠤᠢᠳᠭᠠᠷᠲᠠᠶ ᠬᠠᠷᠠᠩᠭᠤᠶ ᠠᠲᠠᠯ᠎ᠠ ᠣᠢᠳᠦᠰᠢ ᠦᠭᠡᠢ ᠲᠣᠪ ᠲᠤᠩᠭᠠᠯᠠᠭ ᠬᠦᠢᠲᠡᠨ

ᠮᠠᠨᠠᠨ ᠬᠤᠴᠢᠭᠠᠳ ᠴᠠᠰᠤᠨ ᠰᠡᠩᠰᠡᠷᠡᠭ᠌ᠰᠡᠨ ᠡᠪᠦᠭᠡᠨ ᠪᠤᠭᠤᠷᠤᠯ ᠡᠷᠴᠢ᠎ᠲᠠᠢ ᠬᠦᠢᠲᠡᠨ

ᠮᠠᠨᠠᠨ ᠬᠥᠨᠵᠢᠯᠡ᠎ᠲᠠᠢ ᠴᠠᠰᠤᠨ ᠳᠡᠪᠢᠰᠭᠡᠷ᠎ᠲᠠᠢ ᠤᠯᠠᠭᠠᠨ ᠨᠢᠯᠬ᠎ᠠ ᠨᠢᠴᠦᠭᠦᠨ ᠬᠦᠢᠲᠡᠨ




ᠨᠠᠪ ᠨᠠᠮᠤᠭᠤᠬᠠᠨ ᠦᠳᠡᠰᠢ᠎ᠪᠠᠷ ᠬᠦᠢᠲᠡᠨ᠎ᠤ ᠱᠢᠯᠦᠭ ᠪᠢᠴᠢᠵᠦ᠍ ᠳᠣᠭ᠍ᠳᠣᠯᠪᠠ

ᠨᠡᠷᠡᠨ ᠮᠠᠨᠳᠤᠮᠠᠭ᠍ᠴᠠ ᠬᠠᠷᠢᠨ ᠦᠨᠡᠨ ᠬᠦᠢᠲᠡᠷᠡᠴᠢᠬᠡᠭ᠌ᠰᠡᠨ ᠪᠠᠢᠪᠠ

ᠱᠢᠯᠦᠭ᠎ᠤᠨ ᠬᠠᠯᠠᠭᠤᠨ ᠲᠡᠭᠡᠵᠦ᠍ ᠬᠦᠢᠲᠡᠨ᠎ᠠᠴᠠ ᠢᠯᠴᠢ ᠠᠪᠴᠤ᠌ ᠲᠡᠭᠦᠯᠳᠡᠷᠵᠢᠪᠡ

ᠱᠢᠯᠵᠢᠰᠢ ᠦᠭᠡᠶ ᠤᠳᠭ᠎ᠠ᠎ᠶ᠋ᠢ᠎ᠨᠢ ᠤᠢᠯᠠᠭᠠᠵᠤ ᠡᠰᠡ ᠶᠠᠳᠠᠪᠠ




ᠬᠠᠯᠠᠭᠤᠨ ᠰᠡᠳᠭᠢᠯ᠎ᠠᠴᠠ ᠡᠬᠢᠯᠡᠭ᠌ᠰᠡᠨ ᠡᠷᠴᠢ᠎ᠲᠠᠢ ᠬᠦᠢᠲᠡᠨ

ᠬᠠᠮᠤᠭ ᠶᠡᠭᠡ ᠪᠡᠶᠡᠯᠡᠯ᠎ᠢᠶᠠᠨ ᠣᠯᠵᠤ ᠳᠠᠷᠬᠢᠯᠲᠠᠯ᠎ᠠ ᠪᠤᠴᠠᠯᠪᠠ


ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号