ᠡᠭᠡᠷᠡᠮ᠎ᠡ ᠳᠠᠯ᠎ᠠ ᠶ᠋ᠢᠨ ᠬᠦᠯ ᠳᠡᠭᠡᠷ᠎ᠡ
ᠬᠠᠪᠢᠷᠭᠠᠨ ᠰᠠᠷ᠎ᠠ ᠡᠮᠵᠡᠭᠯᠡᠨ᠎ᠡ
ᠴᠠᠰᠤᠨ ᠤ᠋ ᠭᠡᠯᠡ ᠶ᠋ᠢ ᠦᠬᠥᠯᠡᠬᠥ ᠭᠡᠵᠤ
ᠤᠳᠬ᠎ᠠ ᠶ᠋ᠢᠨ ᠮᠦᠷ ᠲᠤ᠌ ᠴᠦᠬᠥᠷᠡᠨᠡ
ᠴᠠᠰᠤᠨ ᠤ᠋ ᠦᠭᠡ ᠶ᠋ᠢ ᠦᠪᠯᠡᠬᠥ ᠭᠡᠵᠤ
ᠦᠷ᠎ᠡ ᠪᠡᠨ ᠰᠠᠨᠠᠭᠰᠠᠨ ᠰᠦ ᠢᠪᠢᠯᠦᠨ᠎ᠡ
ᠳᠡᠭᠷᠢ ᠶ᠋ᠢᠨ ᠬᠢᠯᠢ ᠶ᠋ᠢ ᠳᠠᠪᠠᠵᠤ
ᠴᠠᠰᠤᠨ ᠤ᠋ ᠭᠡᠯᠡ ᠪᠠᠷ ᠨᠠᠢᠷᠠᠭᠯᠠᠨᠠ
ᠤᠯᠠᠷᠢᠯ ᠨᠡᠬᠥᠵᠤ ᠬᠠᠪᠤᠷ ᠪᠤᠯᠬᠤ ᠨᠢ
ᠴᠠᠪᠠᠷ ᠢ᠋ ᠨᠢ ᠬᠠᠢᠷᠠᠯᠠᠵᠤ
ᠴᠡᠴᠡᠭ ᠬᠤᠪᠢᠯᠬᠤ ᠶ᠋ᠢᠨ ᠡᠬᠥᠰᠤᠯ
ᠭᠠᠵᠠᠷ ᠤ᠋ᠨ ᠬᠢᠯᠢ ᠳᠠᠪᠠᠵᠤ
ᠰᠢᠯᠥᠭ ᠤ᠋ᠨ ᠱᠠᠳ ᠲᠡᠪᠡᠷᠡᠬᠦ ᠨᠢ
ᠴᠡᠪᠡᠷ ᠢᠴᠢᠯ ᠤ᠋ᠨ ᠬᠤᠷᠢᠨ ᠨᠠᠰᠤ ᠮᠠᠳᠤ
ᠴᠠᠰᠤᠨ ᠤ᠋ ᠭᠡᠯᠡ ᠪᠠᠷ
ᠳᠡᠭᠷᠢ ᠨᠠᠢᠷᠠᠭᠯᠠᠬᠤ ᠶ᠋ᠢ
ᠪᠤᠷᠬᠠᠳ ᠮᠡᠳᠡᠷᠡᠳᠡᠭ
ᠠᠰᠬᠠᠭᠰᠠᠨ ᠴᠦ᠍ ᠰᠠᠪᠠ ᠨᠢ ᠴᠠᠭᠠᠨ ᠦᠯᠡᠳᠡᠳᠡᠭ ᠰᠦ
ᠦᠨᠡᠨ ᠢ᠋ ᠳᠠᠭᠤᠯᠠᠬᠤ ᠤᠳᠬ᠎ᠠ ᠶ᠋ᠢᠨ ᠨᠢᠭᠡᠨ ᠳᠡᠭᠳᠡᠷ
ᠰᠢᠯᠥᠭᠯᠢᠭ ᠶᠡᠭᠡ ᠴᠠᠰᠤᠨ ᠤ᠋ ᠳᠤᠪᠴᠢᠶᠠᠨ
ᠴᠠᠰᠤᠨ ᠤ᠋ ᠳᠤᠪᠴᠢᠶᠠᠨ ᠢ᠋ ᠰᠡᠬᠥᠬᠥ ᠳ᠋ᠤ
ᠳᠡᠭᠷᠢ ᠬᠤᠢᠳᠤ ᠳᠠᠯ᠎ᠠ ᠡᠴᠡ ᠪᠠᠨ ᠴᠡᠯᠮᠡᠳᠡ
ᠪᠤᠷᠬᠠᠨ ᠤ᠋ ᠬᠡᠯᠡᠨ ᠳ᠋ᠤ᠌ ᠨᠡᠪᠳᠡᠷᠡᠬᠥ ᠭᠡᠮᠡᠭᠡᠳ
ᠪᠤᠷᠬᠠᠨ ᠬᠠᠶᠠ ᠴᠠᠰᠤᠨ ᠤ᠋ ᠭᠡᠯᠡ ᠪᠠᠷ ᠦᠬᠥᠯᠡᠳᠡᠭ
ᠴᠡᠴᠡᠭ ᠤ᠋ᠨ ᠳᠡᠯᠪᠢ ᠴᠠᠰᠤᠨ ᠤ᠋ ᠬᠢ ᠪᠠᠢᠭᠰᠠᠨ ᠡᠴᠡ
ᠳᠠᠩᠳᠠᠬᠥᠥ ᠴᠠᠪᠠᠷ ᠢ᠋ ᠳᠡᠷᠡ ᠭᠡᠯᠡ ᠪᠠᠷ ᠨᠤᠮᠯᠠᠳᠠᠭ
ᠡᠭᠡᠷᠡᠮ᠎ᠡ ᠳᠠᠯ᠎ᠠ ᠶ᠋ᠢᠨ ᠡᠬᠢᠨ ᠳᠡᠭᠡᠷ᠎ᠡ
ᠨᠡᠷ᠎ᠡ ᠶᠡᠭᠡ ᠯᠠ ᠬᠠᠷᠠᠮᠰᠠᠨ᠎ᠠ
ᠬᠠᠢᠷ᠎ᠠ ᠶ᠋ᠢᠨ ᠳᠤᠬᠠᠢ ᠰᠢᠪᠡᠨᠡᠬᠥ ᠭᠡᠳ
ᠬᠠᠢᠯ ᠪᠤᠯᠭᠠᠭᠰᠠᠨ ᠳ᠋ᠠᠭᠠᠨ ᠭᠡᠮᠰᠢᠨ᠎ᠡ
ᠰᠦ ᠴᠢᠨᠠᠷ ᠲᠠᠭᠠᠨ
ᠴᠠᠰᠤᠨ ᠤ᠋ ᠬᠤᠪᠢᠯᠪᠤᠷᠢ ᠪᠠᠢᠭᠰᠠᠨ ᠡᠴᠡ
ᠨᠤᠭᠤᠭᠠᠨ ᠳᠠᠯ᠎ᠠ ᠳ᠋ᠤ᠌ ᠡᠷᠬᠥᠭᠰᠡᠨ
ᠠᠩᠬᠠᠨ ᠤ᠋ ᠰᠠᠴᠤᠯᠢ ᠪᠤᠯᠤᠭᠰᠠᠨ ᠶᠤᠮ