ᠴᠠᠭᠠᠨ ᠰᠠᠷ᠎ᠠ ᠰᠠᠢᠬᠠᠨ
2026-03-11 10:53:03
ᠵᠣᠬᠢᠶᠠᠭ᠍ᠴᠢ᠄
ᠵ᠊·ᠪᠦᠷᠢᠨ
ᠣᠩᠱᠢᠭ᠍ᠰᠠᠨ ᠣᠳᠠᠭ᠎ᠠ᠄
★★★☆☆


ᠴᠠᠭᠠᠨ᠎ᠠ᠎ᠠᠴᠠ ᠨᠠᠭᠠᠱᠢᠯᠠᠬᠤ ᠡᠳᠦᠷ ᠬᠤᠨᠤᠭ᠎ᠢᠶᠠᠨ ᠲᠤᠭᠠᠯᠠᠬᠤ᠎ᠳᠤ ᠡᠪᠦᠯ᠎ᠨᠢ ᠪᠦᠯᠢᠶᠡᠰᠳᠡᠭ ᠮᠦᠷᠦᠭᠡᠳᠦᠯ᠎ᠤᠨ ᠰᠠᠷ᠎ᠠ

ᠴᠠᠯᠭᠢᠯᠠᠬᠤ ᠪᠠᠶᠠᠷ᠎ᠢᠶᠠᠷ ᠤᠷᠳᠦ᠍᠎ᠶ᠋ᠢᠨ ᠲᠠᠭᠤᠤ᠎ᠨᠢ ᠱᠢᠷᠤᠩᠬᠠᠢᠯᠠᠬᠤ᠎ᠳᠤ ᠨᠠᠰᠤ ᠤᠷᠳᠤᠰᠳᠠᠭ ᠪᠤᠶᠠᠨᠳᠤ ᠰᠠᠷ᠎ᠠ

ᠴᠠᠢᠷᠠᠬᠤ ᠦᠷ᠎ᠢᠶᠠᠷ ᠲᠡᠭ᠌ᠷᠢ᠎ᠳᠡᠭᠡᠨ ᠮᠦᠷᠭᠦᠬᠦ᠌᠎ᠳᠤ ᠠᠭᠤᠯᠠᠰ᠎ᠨᠢ ᠦᠨᠳᠡᠢᠨ ᠨᠤᠳᠤᠭ᠎ᠢᠶᠠᠨ ᠡᠷᠭᠦᠳᠡᠭ ᠰᠦᠯᠳᠡ ᠰᠠᠷ᠎ᠠ

ᠴᠠᠢ᠎ᠪᠠᠨ ᠰᠠᠮᠣᠷᠬᠤ᠎ᠳᠤ ᠭᠤᠤᠯ ᠮᠦᠷᠡᠨ᠎ᠨᠢ ᠤᠶᠠᠰᠤᠨ ᠤᠶᠠᠩᠭ᠎ᠠ ᠪᠡᠷ ᠰᠦᠯᠡᠭ᠌ᠳᠡᠳᠡᠭ ᠬᠦᠭ᠌ᠵᠢᠶᠡᠨᠳᠦ ᠰᠠᠷ᠎ᠠ

ᠴᠠᠩᠳᠤᠭ᠍ᠰᠠᠨ ᠲᠠᠯ᠎ᠠ ᠨᠤᠢᠷ᠎ᠠᠴᠠ᠎ᠪᠠᠨ ᠰᠡᠷᠡᠬᠦ᠎ᠳᠤ ᠢᠷᠭᠤᠢ ᠨᠢᠳᠦᠯᠡᠨ ᠬᠠᠪᠤᠷ᠎ᠨᠢ ᠡᠷᠳᠡᠯᠡᠳᠡᠭ ᠬᠦᠭ᠌ᠵᠢᠯᠳᠦ ᠰᠠᠷ᠎ᠠ

ᠴᠢᠰᠴᠠᠤ ᠲᠡᠪᠡᠯ᠎ᠢᠶᠠᠨ ᠡᠮᠦᠰᠦᠭᠡᠳ ᠠᠢᠯ᠎ᠢᠶᠠᠨ ᠲᠤᠭᠤᠷᠢᠬᠤ᠎ᠳᠤ ᠬᠦᠷᠦᠰᠦ᠎ᠨᠢ ᠵᠦᠭᠡᠯᠡᠷᠡᠳᠡᠭ ᠦᠭ᠌ᠭᠢᠶᠡᠮᠦᠷ ᠰᠠᠷ᠎ᠠ

ᠴᠠᠭᠠᠨ ᠮᠦᠷ᠎ᠲᠠᠢ ᠶᠠᠪᠤᠬᠤ᠎ᠶ᠋ᠢ᠎ᠨᠢ ᠲᠠᠭᠠᠳᠭᠠᠨ ᠰᠠᠴᠤᠯᠢ᠎ᠪᠠᠨ ᠡᠷᠭᠦᠳᠡᠭ ᠬᠡᠤᠬᠡᠳ᠎ᠤᠳ᠎ᠤᠨ ᠡᠵᠢ ᠰᠠᠷ᠎ᠠ

ᠴᠢᠷᠮᠠᠢᠬᠤ ᠵᠤᠷᠢᠭ᠍ᠳᠡᠳ᠎ᠤᠨ ᠢᠳᠡᠭᠡᠯ ᠰᠡᠳᠭᠢᠯ᠎ᠳᠤ ᠶᠢᠰᠦᠨ ᠬᠦᠰᠡᠯ᠎ᠨᠢ ᠲᠤᠳᠤᠷᠠᠳᠠᠭ ᠢᠳᠡᠭᠡᠯᠳᠦ ᠰᠠᠷ᠎ᠠ

ᠴᠡᠩᠬᠡᠷ ᠬᠠᠳᠠᠭ ᠲᠡᠭᠡᠷ᠎ᠡ ᠠᠢᠷᠠᠭ᠎ᠢᠶᠠᠨ ᠰᠦᠩᠨᠡᠬᠦ᠌᠎ᠳᠤ ᠰᠠᠳᠤᠨ ᠲᠦᠷᠦᠯ᠎ᠤᠳ᠎ᠤᠨ ᠨᠠᠢᠷ ᠤᠷᠳᠤ ᠬᠡᠱᠢᠭ᠌ᠳᠦ ᠰᠠᠷ᠎ᠠ

ᠴᠠᠭ᠎ᠤᠨ ᠰᠠᠢᠬᠠᠨ᠎ᠳᠤ ᠢᠩᠭᠢᠵᠦ᠍ ᠵᠤᠨ ᠤᠯᠠᠨ᠎ᠢᠶᠠᠷ᠎ᠢᠶᠠᠨ ᠪᠠᠶᠠᠷᠯᠠᠵᠠᠭᠠᠳᠠᠭ ᠮᠢᠨᠤ ᠠᠷᠠᠳ᠎ᠤᠨ ᠮᠢᠨᠢ ᠰᠦᠨ ᠰᠠᠷ᠎ᠠ

ᠠᠯᠬᠤᠭᠠᠳ ᠭᠠᠷᠪᠠᠯ ᠭᠠᠨᠵᠤᠭ᠎ᠠ ᠲᠦᠭᠦᠷᠡᠩ ᠠᠯᠢᠪᠠ ᠪᠦᠬᠦᠨ ᠤᠷᠤᠭ᠍ᠰᠢᠳᠠᠢ ᠬᠡᠢᠮᠦᠷᠢᠳᠦ ᠰᠠᠷ᠎ᠠ

ᠠᠶᠠᠭᠠᠨ᠎ᠳᠤ  ᠰᠢᠭᠠᠷᠣᠬ ᠪᠤᠰᠭᠤ᠎ᠳᠤ ᠤᠶᠠᠭᠠᠨ᠎ᠳᠤ ᠬᠡᠢᠴᠢᠨ ᠪᠠᠭᠤᠳᠠᠭ ᠠᠢᠯ ᠠᠢᠯ᠎ᠤᠨ ᠦᠭᠡᠳᠡᠷᠬᠡᠭ ᠰᠠᠷ᠎ᠠ

ᠠᠵᠠ ᠵᠢᠷᠭᠠᠯ᠎ᠤᠨ ᠵᠦᠩᠨᠡᠯ᠎ᠠᠴᠠ ᠠᠱᠢᠳᠠ᠎ᠶ᠋ᠢᠨ ᠰᠠᠢᠬᠠᠨ᠎ᠤ ᠪᠡᠯᠭᠡ᠂ ᠪᠢᠯᠢᠭ᠎ᠤᠨ ᠭᠡᠭᠡᠨ ᠰᠠᠷ᠎ᠠ

ᠠᠩᠬᠠᠨ᠎ᠤ ᠲᠦᠯ᠎ᠢᠶᠠᠨ ᠤᠭᠤᠷᠠᠭ᠎ᠢᠶᠠᠷ ᠮᠢᠯᠢᠶᠠᠬᠤ᠎ᠳᠤ ᠰᠦᠷᠦᠭ᠎ᠨᠢ ᠲᠡᠯᠡᠳᠡᠭ ᠲᠦᠯᠵᠢᠬᠦ᠌ ᠰᠠᠷ᠎ᠠ

ᠠᠭ᠍ᠰᠢᠷᠠᠭ᠎ᠠ ᠪᠤᠭᠤᠷᠤᠯᠴᠤᠳ ᠬᠤᠢᠮᠤᠷ ᠨᠠᠯᠠᠢᠨ ᠰᠤᠷᠭᠠᠯ ᠤᠯᠠᠮᠵᠢᠯᠠᠭ᠍ᠳᠠᠳᠠᠭ ᠢᠪᠡᠭᠡᠯᠳᠦ ᠰᠠᠷ᠎ᠠ

ᠠᠩᠭ᠎ᠠ ᠪᠠᠭᠠᠴᠤᠳ ᠬᠤᠳᠠ ᠪᠠᠶᠠᠰᠭᠠᠨ ᠢᠨᠢᠶᠡᠳᠦ ᠴᠠᠯᠭᠢᠭ᠍ᠰᠠᠨ ᠲᠡᠯᠭᠡᠷᠡᠬᠦ᠌ ᠵᠢᠯ᠎ᠤᠨ ᠬᠦᠨᠡᠰᠦᠳᠦ ᠰᠠᠷ᠎ᠠ

ᠠᠯᠳᠠᠨ ᠨᠠᠷᠠᠨ ᠵᠦᠭ ᠲᠠᠯᠠᠯᠭ᠎ᠠ ᠬᠤᠷᠤᠢᠯᠠᠨ ᠦᠷᠯᠦᠭᠡ ᠪᠦᠷᠢ᠎ᠪᠠᠨ ᠰᠠᠢᠨ᠎ᠢᠶᠠᠷ ᠡᠬᠢᠯᠡᠭᠦᠯᠳᠡᠭ ᠪᠠᠶᠠᠷᠳᠤ ᠰᠠᠷ᠎ᠠ

ᠠᠮᠤᠷ ᠰᠠᠢᠨ᠂ ᠠᠷᠪᠠᠨ ᠴᠠᠭᠠᠨ ᠪᠤᠶᠠᠨ᠎ᠲᠠᠢ ᠦᠩᠭᠡ᠎ᠲᠠᠢ ᠵᠢᠯ᠎ᠤᠨ ᠡᠬᠢᠨ᠎ᠤ ᠦᠭᠡᠳᠡ ᠰᠠᠷ᠎ᠠ

ᠤᠮ ᠰᠠᠢᠨ ᠠᠮᠤᠭᠤᠯᠠᠩ ᠪᠤᠯᠳᠤᠭᠠᠢ! ᠬᠤᠷᠤᠢ ᠬᠤᠷᠤᠢ ᠬᠤᠷᠤᠢ!

ᠤᠯᠠᠮ ᠰᠠᠢᠨ ᠵᠢᠷᠭᠠᠯᠠᠩ ᠪᠤᠯᠳᠤᠭᠠᠢ! ᠬᠤᠷᠤᠢ ᠬᠤᠷᠤᠢ ᠬᠤᠷᠤᠢ!



ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号