2 ᠰᠠᠷ᠎ᠠ ᠵᠢᠨ 4᠂ ᠪᠢᠯᠢᠭ᠎ᠤᠨ ᠬᠤᠷᠢᠨ ᠲᠦᠷᠪᠡᠨ ᠴᠠᠭ ᠤᠯᠠᠷᠢᠯ᠎ᠤᠨ ᠬᠠᠪᠤᠷ᠎ᠤᠨ ᠠᠭᠤᠷ᠃ ᠰᠠᠯᠬᠢ ᠵᠢᠩᠳᠡᠬᠦᠨ ᠴᠦ᠍ ᠴᠢᠬᠢᠭ᠎ᠤᠨ ᠰᠤᠳᠤᠨ ᠦᠨᠦᠷ ᠰᠡᠩᠬᠢᠨᠡᠴᠢᠬᠡᠵᠡᠢ᠃ ᠬᠦᠬᠡᠬᠤᠳᠠ ᠵᠢᠨ ᠲᠡᠭᠷᠢ ᠲᠤᠰᠤᠯᠠᠮᠠ ᠬᠦᠭᠡ᠃ ᠰᠠᠶᠢᠬᠠᠨ ᠮᠠᠨᠳᠤᠭᠰᠠᠨ ᠨᠠᠷᠠ ᠠᠯᠳᠠᠨ ᠰᠢᠷ᠎ᠠ ᠦᠩᠭᠡ ᠪᠡᠷ ᠵᠢᠡᠨ ᠡᠭᠡ ᠲᠡᠯᠡᠬᠡᠢ ᠵᠢ ᠪᠤᠳᠤᠴᠢᠬᠠᠵᠠᠢ᠂ ᠭᠡᠷᠡᠯ ᠵᠢᠷᠤᠭ᠎ᠤᠨ ᠪᠦᠲᠦᠭᠡᠯ ᠵᠤᠬᠢᠶᠠᠨ ᠪᠦᠲᠦᠭᠡᠬᠦ 《ᠰᠢᠵᠢᠷ ᠠᠯᠳᠠᠨ ᠴᠠᠭ》᠃ ᠪᠢ ᠭᠡᠷᠡᠯ ᠵᠢᠷᠤᠬ᠎ᠤᠨ ᠮᠠᠰᠢᠨ ᠵᠢᠡᠨ ᠡᠭᠦᠷᠦᠭᠡᠳ ᠡᠨᠡ ᠴᠠᠭ ᠵᠢᠡᠷ ᠴᠡᠴᠡᠷᠯᠢᠭ ᠲᠦ᠍ ᠭᠠᠭᠴᠠᠭᠠᠷ ᠭᠡᠰᠦᠬᠦ ᠲᠤᠷᠠᠳᠠᠢ᠃ ᠶᠢᠰᠦᠨ ᠵᠦᠢᠯ ᠡᠴᠡ ᠲᠦᠷ ᠵᠠᠢᠳᠠᠨ᠂ ᠦᠪᠡᠷ ᠤᠨ ᠵᠢᠡᠨ ᠶᠢᠷᠳᠢᠨᠴᠤ᠎ᠳᠤ ᠭᠠᠭᠴᠠᠭᠠᠷ ᠪᠠᠢᠬᠤ ᠰᠠᠢᠬᠠᠨ᠃ ᠡᠢᠮᠦ ᠨᠠᠮ ᠵᠢᠮ ᠪᠤᠶᠤ ᠭᠠᠭᠴᠠᠭᠠᠷᠳᠠᠯ ᠡᠴᠡ ᠤᠩᠭᠤᠳ ᠮᠡᠳᠡᠷᠡᠮᠵᠢ ᠪᠠᠭᠤᠵᠦ᠂ ᠭᠡᠷᠡᠯ ᠵᠢᠷᠤᠭ᠎ᠤᠨ ᠭᠤᠸ᠎ᠠ ᠰᠠᠢᠬᠠᠨ᠎ᠤ ᠲᠦᠷᠢ ᠵᠢ ᠢᠯᠡᠷᠡᠭᠦᠯᠦᠭᠡᠳ᠂ ᠰᠡᠭᠦᠳᠡᠷᠯᠡᠨ ᠮᠦᠩᠭᠡᠯᠡᠵᠦ ᠠᠪᠳᠠᠭ᠃
— ᠲᠡᠨᠳᠡ ᠬᠠᠮᠢᠭ᠎ᠠ ᠪᠠᠢᠭᠰᠠᠨ ᠲᠡᠢᠮᠦ ᠰᠠᠢᠬᠠᠨ ᠦᠵᠡᠮᠵᠢ ᠪᠤᠢ? ᠪᠢ ᠶᠠᠭᠠᠬᠢᠭᠠᠳ ᠤᠯᠵᠦ ᠦᠵᠡᠭᠰᠡᠨ ᠦᠭᠡᠢ ᠪᠤᠢ ?ᠭᠡᠵᠦ ᠨᠠᠢᠵᠠ ᠵᠢᠨ ᠲᠤᠭᠤᠷᠢᠭ ᠡᠴᠡ ᠮᠢᠨᠦ ᠭᠡᠷᠡᠯ ᠵᠢᠷᠤᠭ᠎ᠤᠨ ᠪᠦᠲᠦᠭᠡᠯ᠎ᠢ ᠬᠠᠷᠠᠭᠰᠠᠨ ᠬᠦᠮᠦᠰ ᠦᠨᠡᠯᠡᠨ᠎ᠡ᠃ ᠪᠢ ᠪᠠᠰᠠ ᠭᠡᠦᠭᠡᠳ ᠦᠷ᠎ᠡ ᠠᠴᠢᠷ ᠲᠠᠢ ᠪᠠᠨ ᠲᠤᠭᠯᠠᠬᠤ ᠪᠤᠶᠤ ᠭᠡᠷᠭᠡᠢ ᠪᠠᠨ ᠲᠠᠭᠠᠭᠤᠯᠤᠭᠠᠳ ᠴᠡᠴᠡᠷᠯᠢᠭ ᠵᠢᠡᠷ ᠲᠤᠭᠤᠷᠢᠬᠤ᠎ᠳᠠᠭᠠᠨ ᠡᠢᠮᠦ ᠰᠠᠢᠬᠠᠨ ᠦᠵᠡᠮᠵᠢ ᠵᠢ ᠢᠯᠡᠷᠡᠬᠦᠯᠵᠦ ᠲᠡᠢᠯᠳᠡᠭ ᠦᠭᠡᠢ᠂ ᠵᠦᠪᠭᠡᠨ ᠭᠠᠭᠴᠠᠭᠠᠷ ᠪᠠᠢᠬᠤ᠎ᠳᠠᠭᠠᠨ᠁᠃
ᠬᠤᠪᠠᠬᠠᠢ ᠮᠤᠳᠤᠨ᠎ᠤ ᠲᠡᠭᠷᠢ ᠦᠭᠡᠳᠡ ᠰᠡᠷᠡᠢᠭᠰᠡᠨ ᠨᠢᠭᠡᠨ ᠨᠠᠮᠠᠭᠠᠨ ᠲᠡᠭᠡᠷ᠎ᠡ ᠤᠷᠢ ᠭᠠᠭᠴᠠᠬᠠᠨ ᠬᠠᠳᠠᠭᠰᠠᠨ ᠨᠠᠪᠴᠢ ᠡᠪᠦᠯ᠎ᠤᠨ ᠬᠦᠢᠳᠡᠨ᠎ᠳᠤ ᠨᠦᠮᠦᠷᠢ ᠡᠷᠢᠨ ᠲᠠᠭᠵᠢᠨ ᠴᠡᠴᠡᠷᠡᠭᠡ ᠪᠤᠯᠵᠤᠮᠤᠷ ᠰᠢᠬ ᠬᠠᠪᠤᠷ ᠡᠷᠳᠡ ᠵᠢᠨ ᠰᠠᠯᠬᠢᠨ᠎ᠳᠤ ᠵᠦᠭᠡᠯᠡᠨ ᠢᠷᠪᠡᠭᠡᠨᠡᠨᠡ᠃ ᠤᠨᠠᠴᠢᠬᠠᠬᠤ ᠪᠤᠯᠭᠤᠵᠠᠢ ᠭᠡᠵᠦ ᠰᠠᠨᠳᠤᠷᠬᠤ᠎ᠳᠠᠭᠠᠨ ᠪᠢ ᠭᠡᠷᠡᠯ ᠵᠢᠷᠤᠭ᠎ᠤᠨ ᠮᠠᠰᠢᠨ ᠵᠢᠡᠨ ᠬᠠᠷᠠᠭᠠᠰᠤᠯᠠᠯᠠ᠃ ᠬᠦᠭᠡ ᠲᠡᠭᠷᠢ ᠪᠡᠷ ᠲᠡᠪᠢᠰᠭᠡᠷ ᠦᠩᠭᠡ ᠪᠤᠯᠭᠠᠵᠦ᠂ ᠮᠦᠴᠢᠷ ᠪᠠ ᠨᠠᠪᠴᠢ ᠪᠠᠷ ᠡᠯᠸᠮᠸᠨ᠋ᠲ ᠪᠤᠯᠭᠠᠨ ᠴᠡᠪᠡᠷ ᠲᠤᠪᠴᠢ ᠵᠢᠷᠤᠭ ᠪᠤᠯᠭᠠᠨ ᠰᠡᠭᠦᠳᠡᠷᠯᠡᠨ ᠬᠠᠷᠠᠬᠤ᠎ᠳᠤ ᠰᠠᠨᠠᠭᠠᠨ ᠡᠴᠡ ᠭᠠᠳᠠᠭᠤᠷ ᠰᠠᠢᠬᠠᠨ ᠦᠵᠡᠮᠵᠢ ᠪᠤᠯᠤᠭᠰᠠᠨ ᠪᠠᠢᠪᠠ᠃ ᠪᠢ ᠮᠤᠳᠤᠨ ᠲᠤᠤᠷ᠎ᠠ ᠲᠡᠷᠡ ᠨᠠᠪᠴᠢ ᠵᠢ ᠰᠢᠷᠳᠡᠨ ᠤᠳᠠᠭᠠᠨ ᠴᠦ᠍ ᠵᠤᠭᠰᠤᠯ᠎ᠠ᠃ ᠬᠠᠷᠢᠨ ᠲᠡᠷᠡ ᠨᠠᠪᠴᠢ ᠬᠡᠢᠰᠴᠦ ᠤᠨᠠᠭ᠎ᠠ ᠦᠭᠡᠢ᠃ ᠪᠢ ᠦᠪᠡᠷ᠎ᠢ ᠪᠠᠨ ᠡᠯᠡᠭᠯᠡᠨ ᠬᠦᠭᠡ ᠢᠨᠢᠶᠡᠳᠤ ᠬᠦᠷᠪᠡ᠃
— ᠶᠠᠭᠤ ᠭᠡᠵᠦ ᠤᠨᠠᠬᠤ ᠪᠤᠢᠳᠠ!ᠭᠡᠵᠦ ᠦᠪᠡᠷ ᠡᠴᠡ ᠪᠠᠨ ᠰᠢᠪᠡᠨᠡᠨ ᠠᠰᠠᠭᠤᠯ᠎ᠠ᠃
ᠲᠡᠢᠮᠦ᠃ ᠨᠠᠮᠤᠷ᠎ᠤᠨ ᠰᠡᠷᠢᠬᠦᠨ ᠰᠠᠯᠬᠢ᠂ ᠡᠪᠦᠯ᠎ᠤᠨ ᠬᠦᠴᠦᠳᠡᠢ ᠰᠢᠭᠤᠷᠭ᠎ᠠ᠂ ᠶᠢᠰᠦᠨ᠎ᠤ ᠶᠠᠩᠬᠢᠨᠠᠮ᠎ᠠ ᠬᠦᠢᠳᠡᠨ᠎ᠢ ᠠᠵᠢᠬ ᠴᠦ᠍ ᠦᠭᠡᠢ ᠲᠤᠭᠤᠯᠤᠭᠠᠳ 《ᠬᠠᠪᠤᠷ᠎ᠤᠨ ᠠᠭᠤᠷ》 ᠵᠢᠡᠨ ᠤᠭᠳᠤᠵᠦ ᠪᠤᠢ ᠰᠢᠦ ᠡᠨᠡ ᠨᠠᠪᠴᠢ᠃ ᠡᠨᠡ ᠲᠡᠪᠴᠢᠶᠡᠷᠢ ᠵᠢᠨ ᠬᠢᠨᠢ ᠴᠠᠭᠠᠨ᠎ᠠ ᠨᠠᠪᠴᠢᠨ᠎ᠤ 《ᠮᠦᠷᠦᠭᠡᠳᠤᠯ》 ᠨᠢ ᠪᠤᠢ᠂ ᠲᠡᠭᠡᠬᠦ ᠪᠡᠷ ᠵᠢᠡᠨ ᠲᠡᠷᠡ ᠮᠦᠴᠢᠷ ᠡᠴᠡ ᠪᠠᠨ ᠰᠠᠯᠤᠭ᠎ᠠ ᠦᠭᠡᠢ᠃ 《ᠮᠤᠳᠤᠳ ᠲᠡᠭᠷᠢ᠎ᠳᠡᠭᠡᠨ ᠨᠢᠴᠦᠭᠦᠷᠡᠵᠦ᠁》 ᠭᠡᠵᠦ ᠮᠠᠨ᠎ᠤ ᠰᠢᠯᠦᠭᠴᠢᠳ ᠡᠬᠢᠨ ᠡᠪᠦᠯ᠎ᠤᠨ ᠦᠵᠡᠮᠵᠢ ᠵᠢ ᠷᠤᠮᠠᠨᠲ᠋ᠢᠭᠯᠠᠨ ᠰᠢᠯᠦᠭᠯᠡᠭᠰᠡᠨᠢ ᠰᠠᠨᠠᠵᠦ ᠪᠠᠢᠨ᠎ᠠ᠃ ᠠᠮᠢ ᠲᠠᠢ ᠮᠤᠳᠤᠳ ᠡᠪᠦᠯ ᠨᠢᠴᠦᠭᠦᠷᠡᠳᠡᠭ ᠦᠭᠡᠢ᠃ ᠲᠠᠨᠤᠰ ᠠᠵᠢᠶᠠᠷᠠᠭᠰᠠᠨ ᠤᠤ ⁈ ᠡᠪᠦᠯ᠎ᠤᠨ ᠮᠤᠳᠤᠨ᠎ᠤ ᠮᠦᠴᠢᠷ ᠲᠡᠭᠡᠷ᠎ᠡ ᠶᠡᠷᠦ᠎ᠳᠡᠭᠡᠨ ᠭᠡᠳᠦᠨ ᠬᠠᠳᠠᠭᠰᠠᠨ ᠨᠠᠪᠴᠢ ᠦᠯᠡᠳᠡᠳᠡᠭ ᠢ ᠃ ᠵᠤᠨ᠎ᠤ ᠨᠤᠭᠤᠭᠠᠨ ᠦᠩᠭᠡ ᠨᠢ ᠭᠡᠳᠦᠢᠨ ᠪᠠᠢᠬᠤ ᠦᠭᠡᠢ ᠪᠤᠯᠴᠢᠬᠠᠵᠦ᠂ ᠨᠠᠮᠤᠷ᠎ᠤᠨ ᠲᠦᠷᠡᠯᠵᠡᠮᠡ ᠰᠢᠷᠭᠠᠯ ᠵᠢᠰᠤ ᠨᠢ ᠴᠦ᠍ ᠤᠷᠤ ᠲᠠᠰᠤ ᠠᠷᠢᠯᠤᠭᠠᠳ᠂ ᠤᠰᠤ ᠴᠢᠰᠤ ᠲᠠᠢ ᠲᠡᠨᠢᠬᠦᠨ ᠪᠤᠯᠪᠠᠷᠠᠢ ᠮᠠᠬᠠᠪᠤᠳ ᠨᠢ ᠬᠠᠳᠠᠵᠦ ᠬᠤᠷᠪᠤᠢᠭᠠᠳ᠂ ᠪᠤᠭᠤᠷᠤᠯ ᠬᠦᠷᠡᠩ ᠪᠤᠯᠵᠦ ᠭᠠᠷ ᠬᠦᠷᠬᠦ ᠵᠢ ᠲᠠᠭᠠᠭᠠᠬᠤ ᠦᠭᠡᠢ ᠭᠡᠮᠬᠡᠷᠡᠴᠢᠬᠡᠳᠡᠭ ᠴᠦ᠍ ᠮᠦᠴᠢᠷ ᠡᠴᠡ ᠪᠠᠨ ᠲᠡᠷᠡ ᠨᠠᠪᠴᠢ ᠲᠠᠰᠤᠷᠠᠨ ᠤᠨᠠᠳᠠᠭ ᠦᠭᠡᠢ᠃ ᠶᠠᠭᠤ ᠨᠢᠭᠡ ᠵᠢ ᠬᠦᠰᠡᠭᠰᠡᠨ ᠠᠨᠳᠠᠭᠠᠢ ᠲᠠᠩᠭᠠᠷᠢᠬ ᠵᠢᠡᠨ ᠬᠦᠢᠴᠡᠳᠭᠡᠵᠦ ᠪᠠᠢᠭ᠎ᠠ ᠬᠡᠮᠡᠷ᠃
ᠡᠪᠦᠯ᠎ᠤᠨ ᠨᠠᠪᠴᠢ ᠦᠨᠡᠨ᠎ᠳᠡᠭᠡᠨ ᠵᠣᠨ ᠤ᠋ ᠥᠳᠭᠡᠨ ᠵᠤᠵᠠᠭᠠᠨ ᠨᠠᠪᠴᠢᠰ ᠳᠣᠲᠣᠷᠠᠬᠢ ᠪᠠᠳᠠᠷᠠᠩᠭᠤᠢ ᠨᠢᠭᠡᠨ ᠨᠣᠮᠢᠨ ᠨᠣᠭᠣᠭᠠᠨ ᠪᠠᠢᠭ᠍ᠰᠠᠨ ᠪᠥᠭᠡᠳ ᠪᠠᠰᠠ ᠨᠠᠮᠤᠷ ᠤ᠋ᠨ ᠬᠢᠷᠠᠭᠤ ᠳ᠋ᠤ ᠬᠤᠴᠢᠭ᠍ᠳᠠᠭ᠍ᠰᠠᠨ ᠤ᠋ ᠳᠠᠷᠠᠭᠠᠬᠢ ᠰᠣᠯᠣᠩᠭᠠᠷᠠᠭ᠍ᠰᠠᠨ ᠦᠵᠡᠮᠵᠢ ᠪᠠᠢᠭᠰᠠᠨ ᠶᠤᠮ᠃ ᠤᠷᠴᠢᠯ ᠵᠢᠡᠷ ᠵᠢᠡᠨ ᠬᠡᠢᠰᠦᠭᠰᠡᠨ ᠨᠠᠮᠤᠷ ᠤ᠋ᠨ ᠨᠠᠪᠴᠢᠨ᠎ᠤ ᠴᠢᠯᠦᠭᠡᠳᠦ ᠪᠦᠵᠢᠭ ᠲᠠᠢ ᠬᠠᠷᠢᠴᠠᠭᠤᠯᠪᠠᠯ ᠡᠪᠦᠯ᠎ᠤᠨ ᠨᠠᠪᠴᠢᠨ᠎ᠤ ᠡᠬᠦᠷᠭᠡ ᠦᠰᠦᠳ ᠦᠭᠡᠷ᠎ᠡ᠃ ᠲᠡᠳᠡᠨ᠎ᠤ ᠦᠩᠭᠡᠷᠡᠭᠦᠯᠦᠭᠰᠡᠨ᠂ ᠦᠩᠭᠡᠷᠡᠬᠦᠯᠬᠦ ᠤᠨ ᠴᠠᠭ᠎ᠤᠨ ᠪᠠ ᠰᠠᠯᠬᠢ ᠪᠤᠷᠤᠭᠠᠨ᠎ᠤ ᠡᠯᠡᠭᠡᠯᠳᠡ ᠵᠢ ᠲᠦᠰᠦᠭᠡᠯᠡᠬᠦᠶ᠎ᠡ ᠪᠡᠷᠭᠡ᠃ ᠨᠠᠮᠤᠷ ᠡᠪᠦᠯ᠎ᠤᠨ ᠬᠠᠳᠠᠭᠤ ᠬᠠᠯᠠ ᠵᠢ ᠲᠠᠭᠠᠭᠠᠵᠦ ᠦᠩᠭᠡᠷᠡᠭᠦᠯᠦᠭᠰᠡᠨ ᠨᠠᠪᠴᠢ ᠵᠢ ᠬᠡᠨ ᠴᠦ᠍ ᠲᠤᠭᠤᠵᠦ ᠬᠠᠷᠠᠬᠤ ᠦᠭᠡᠢ᠂ ᠬᠡᠨ᠎ᠤ ᠴᠦ᠍ ᠤᠷᠠᠯᠢᠬ᠎ᠤᠨ ᠨᠢᠳᠦᠨ᠎ᠳᠤ ᠪᠤᠶᠤ ᠤᠩᠭᠤᠳ ᠲᠦ᠍ ᠦᠷᠳᠦᠬᠦ ᠪᠡᠷ ᠴᠦ᠍ ᠦᠭᠡᠢ᠃ ᠲᠡᠳᠡ ᠬᠡᠨ ᠨᠢᠭᠡᠨ᠎ᠳᠤ ᠰᠠᠢᠮᠰᠤᠷᠠᠨᠠ ᠭᠡᠵᠦ ᠬᠠᠯᠠ ᠲᠠᠮᠤ ᠵᠢ ᠡᠳ᠋ᠯᠡᠭᠡ ᠦᠭᠡᠢ ᠬᠠᠷᠢᠨ ᠦᠪᠡᠷ᠎ᠢ ᠨᠢ ᠲᠦᠷᠦᠬᠦᠯᠦᠭᠰᠡᠨ ᠦᠨᠳᠦᠷ ᠮᠤᠳᠤ ᠵᠢ ᠠᠮᠢ ᠠᠮᠢᠵᠢᠷᠠᠯ ᠲᠠᠢ ᠪᠠᠷ ᠡᠪᠦᠯ᠎ᠢ ᠦᠩᠭᠡᠷᠡᠬᠦᠯᠬᠦ ᠭᠡᠵᠦ ᠠᠯᠢᠪᠠ ᠬᠠᠳᠠᠭᠤ ᠠᠯᠪᠠ ᠵᠢ ᠲᠤᠷᠠᠳᠠᠢ ᠡᠭᠦᠷᠦᠭᠰᠡᠨ ᠪᠤᠯᠬᠤᠷ ᠲᠠᠢᠮᠤ ᠯᠡ ᠲᠡᠰᠪᠦᠷᠢᠳᠡᠢ᠂ ᠶᠠᠰᠤ ᠴᠢᠮᠦᠭᠡ ᠪᠠᠨ ᠲᠠᠭᠤᠰᠳᠠᠯ᠎ᠠ ᠪᠠᠷᠢᠮᠳᠠᠯᠠᠭᠰᠠᠨ ᠬᠦᠯᠢᠴᠡᠩᠭᠦᠶ ᠭᠤᠤ᠎ᠠ ᠰᠠᠢᠬᠠᠨ ᠮᠦᠷᠳᠡᠭᠡᠨ ᠨᠢᠭᠤᠴᠠᠭᠠᠢ ᠬᠦᠨ ᠤᠬᠠᠭᠠᠨ ᠪᠠᠢᠭ᠎ᠠ᠃
— ᠡᠪᠦᠯ᠎ᠤᠨ ᠨᠠᠪᠴᠢᠨ᠎ᠤ ᠡᠨᠡ ᠠᠨᠳᠠᠭᠠᠢ ᠲᠠᠩᠭᠠᠷᠢᠭ ᠪᠤᠯ ᠲᠠᠷᠤᠢ ᠠᠮᠢ ᠠᠮᠢᠵᠢᠷᠠᠯ ᠰᠢᠦ ᠭᠡᠵᠦ ᠪᠤᠳᠤᠭᠠᠳ ᠮᠤᠳᠤᠳᠢ ᠲᠠᠬᠢᠨ ᠰᠢᠷᠳᠡᠬᠦ᠎ᠳᠤ ᠨᠢᠭᠡ ᠨᠢᠭᠡ ᠪᠡᠷ ᠵᠢᠡᠨ ᠰᠤᠯᠤᠩᠭᠠᠨᠳ᠋ᠸᠩᠤᠨ ᠭᠡᠷᠡᠯᠳᠤ ᠰᠤᠭᠰᠤᠯᠵᠠᠨ ᠠᠯᠬᠤᠭ᠎ᠠ ᠭᠠᠩᠭᠠᠩ ᠭᠠᠯᠪᠢᠷ᠎ᠳᠤ ᠪᠦᠰᠡᠭᠦᠢ ᠮᠤᠲᠸᠯᠤᠳ ᠰᠢᠬ ᠭᠤᠸᠠᠯᠢᠬ ᠬᠠᠷᠠᠭᠳᠠᠬᠤ ᠵᠢ ᠨᠢ ᠶᠠᠭᠠᠬᠢᠨ᠎ᠠ᠃ ᠪᠤᠯᠴᠢᠩ ᠰᠢᠷᠪᠦᠰᠦ ᠨᠢ ᠢᠳᠡᠯᠢᠭ ᠬᠦᠴᠦᠳᠡᠢ᠂ ᠠᠷᠠᠰᠤ ᠮᠢᠬ᠎ᠠ ᠨᠢ ᠵᠦᠭᠡᠯᠡᠨ ᠪᠤᠯᠪᠠᠷᠠᠢ᠃ ᠬᠦᠮᠦᠨ ᠮᠠᠬᠠᠪᠤᠳ᠎ᠤᠨ ᠬᠦᠳᠦᠢᠵᠦ ᠬᠤᠳᠤᠢᠬᠰᠠᠨ᠂ ᠮᠤᠷᠤᠢᠵᠦ ᠠᠰᠯᠠᠬᠰᠠᠨ ᠪᠦᠬᠦᠨ᠎ᠢ ᠲᠡᠬᠦᠰ ᠲᠡᠬᠦᠯᠳᠡᠷ ᠢᠯᠡᠷᠡᠬᠦᠯᠵᠦ᠂ ᠨᠢᠳᠤᠨ᠎ᠤ ᠬᠤᠷᠤᠬᠠᠢ᠂ ᠰᠡᠳᠬᠢᠯ᠎ᠤᠨ ᠭᠡᠳᠡᠭᠡ᠂ ᠠᠯᠢ ᠡᠰᠡᠬᠦᠯ᠎ᠡ ᠵᠠᠯᠠᠭᠤ ᠬᠠᠯᠠᠭᠤᠨ ᠨᠠᠰᠤᠨ᠎ᠤ ᠡᠷ᠎ᠡ ᠬᠤᠷᠮᠤᠨ᠎ᠢ ᠤᠷᠤᠢ ᠡᠴᠡ ᠤᠯᠠ᠎ᠳᠤ ᠲᠤᠯᠳᠠᠯ᠎ᠠ ᠬᠦᠭᠡᠷᠦᠭᠦᠯᠵᠦ ᠲᠡᠢᠯᠬᠦ ᠪᠠᠢᠭᠠᠯᠢ ᠵᠢᠨ ᠭᠤᠸ᠎ᠠ ᠰᠠᠢᠬᠠᠨ ᠭᠡᠵᠦ ᠲᠡᠷᠡ᠃ ᠦ᠂ ᠲᠡᠢᠮᠦ!ᠱᠠᠯᠳᠠᠩ ᠪᠢᠰᠢ ᠰᠢᠦ᠃ ᠡᠪᠦᠯ᠎ᠤᠨ ᠨᠠᠪᠴᠢᠰ ᠪᠤᠯ ᠲᠡᠳᠡᠨ᠎ᠤ ᠭᠤᠸ᠎ᠠ ᠰᠠᠢᠬᠠᠨ᠎ᠢ ᠪᠦᠷᠢᠨ ᠢᠯᠡᠷᠡᠬᠦᠯᠵᠦ ᠴᠢᠳᠠᠭᠰᠠᠨ ᠬᠤᠪᠴᠠᠰᠤ ᠤᠷᠠᠯᠠᠨ ᠲᠦᠰᠦᠪᠯᠡᠬᠦ ᠤᠷᠠᠯᠢᠬᠴᠢᠨᠤ ᠤᠶᠤᠨ ᠤᠬᠠᠭᠠᠨ ᠵᠢᠡᠷ ᠵᠤᠬᠢᠶᠠᠨ ᠪᠦᠲᠦᠭᠡᠭᠳᠡᠭᠰᠡᠨ ᠮᠤᠲᠸᠯᠤᠨ ᠬᠤᠪᠴᠠᠰᠤ ᠨᠢ᠃ ᠤᠴᠢᠷ ᠨᠢ ᠬᠠᠪᠤᠷ᠎ᠤᠨ ᠠᠭᠤᠷ ᠤᠷᠤᠴᠢᠬᠠᠭᠰᠠᠨ ᠶᠤᠮᠴᠢᠨᠢ᠂ ᠮᠤᠳᠤᠳ ᠠᠮᠢᠵᠢᠷᠠᠯ᠎ᠤᠨ ᠨᠤᠭᠤᠭᠠᠨ ᠦᠩᠭᠡ ᠪᠡᠷ ᠵᠢᠡᠨ ᠪᠠᠳᠠᠷᠠᠨ ᠲᠡᠯᠭᠡᠷᠡᠬᠦ ᠴᠠᠭ ᠤᠢᠷᠠᠳᠤᠯᠠ᠃ ᠬᠠᠪᠤᠷ ᠬᠠᠮᠤᠭ ᠠᠮᠢᠳᠠᠨ᠎ᠤ ᠲᠦᠯᠵᠢᠯ᠎ᠤᠨ ᠡᠷᠢᠨ᠂ ᠬᠠᠪᠤᠷ᠎ᠤᠨ ᠮᠤᠳᠤᠨ᠎ᠤ ᠡᠨᠡ ᠲᠦᠯᠵᠢᠯᠢ ᠡᠪᠦᠯ᠎ᠤᠨ ᠨᠠᠪᠴᠢ ᠦᠪᠡᠷ᠎ᠤᠨ ᠵᠢᠡᠨ ᠲᠡᠰᠪᠦᠷᠢ ᠲᠡᠪᠴᠢᠶᠡᠷᠢ ᠪᠡᠷ ᠠᠪᠴᠢᠷᠠᠭᠰᠠᠨ ᠶᠤᠮ᠃ ᠡᠪᠦᠯ᠎ᠤᠨ ᠨᠠᠪᠴᠢ ᠪᠤᠯ ᠠᠮᠢ ᠲᠠᠢ ᠮᠤᠳᠤᠨ᠎ᠤ ᠬᠠᠯᠠᠭᠤᠨ ᠠᠮᠢᠰᠬᠤᠭ᠎ᠠ᠃
ᠪᠠᠢᠭᠠᠯᠢ ᠵᠢᠨ ᠤᠷᠴᠢᠯ ᠶᠡᠷᠦ᠍ ᠡᠴᠡ ᠶᠠᠮᠠᠷᠪᠠ ᠨᠢᠭᠡ ᠵᠦᠶ᠋ᠯ ᠤ᠋ᠨ ᠰᠣᠩᠭᠣᠯᠲᠠ ᠶ᠋ᠢ ᠦᠮᠦᠭᠯᠡᠬᠦ ᠦᠭᠡᠢ᠂ ᠡᠰᠡᠷᠭᠦᠴᠡᠬᠦ ᠦᠭᠡᠢ᠃ ᠬᠡᠢᠰᠴᠦ ᠤᠨᠠᠭ᠍ᠰᠠᠨ ᠨᠠᠪᠴᠢ ᠪᠠ ᠲᠠᠩᠭᠠᠷᠢᠭ ᠪᠠᠳᠤ ᠨᠠᠪᠴᠢ ᠪᠣᠯ ᠪᠦᠷ ᠠᠮᠢ ᠨᠠᠰᠤᠨ ᠤ᠋ ᠬᠠᠮᠤᠭ ᠤ᠋ᠨ ᠰᠡᠳᠭᠢᠯ ᠬᠥᠳᠡᠯᠭᠡᠮ᠎ᠡ ᠵᠡᠭᠦᠯᠲᠡ᠃ ᠡᠮᠦᠨᠡᠬᠢ ᠨᠢ ᠲᠡᠭᠦᠰ ᠠᠮᠵᠢᠯᠲᠠ ᠶ᠋ᠢ ᠴᠢᠯᠥᠭᠡᠲᠡᠶ ᠲᠠᠢᠯᠪᠤᠷᠢᠯᠠᠨ᠎ᠠ ᠂ ᠬᠣᠢᠨᠠᠬᠢ ᠨᠢ ᠬᠦᠰᠡᠯ ᠡᠷᠡᠮᠡᠯᠵᠡᠯ ᠢ᠋ ᠱᠢᠨᠲᠠᠷᠠᠰᠢ ᠦᠭᠡᠢ ᠬᠦᠪᠦᠷᠡᠬᠦᠯᠦᠨᠡ᠃ ᠶᠠᠭ ᠬᠥᠮᠦᠨ᠎ᠦ ᠠᠮᠢᠳᠤᠷᠠᠯ ᠤ᠋ᠨ ᠵᠠᠮ ᠳᠡᠭᠡᠷ᠎ᠡ ᠂ ᠵᠠᠷᠢᠮ ᠬᠥᠮᠦᠨ ᠪᠠᠢᠳᠠᠯ ᠢ᠋ ᠳᠠᠭᠠᠨ ᠠᠵᠢᠯᠯᠠᠵᠤ ᠂ ᠲᠣᠬᠢᠷᠠᠮᠵᠢᠲᠠᠶ ᠴᠠᠭ ᠦᠶ᠎ᠡ ᠳ᠋ᠤ ᠤᠷᠤᠰᠬᠠᠯ᠎ᠢ ᠲᠠᠭᠠᠨ ᠪᠡᠶ᠎ᠡ ᠡᠷᠭᠢᠬᠦ᠌ ᠶ᠋ᠢ ᠰᠤᠩᠭᠤᠬᠤ ᠰᠢᠬ; ᠵᠠᠷᠢᠮ ᠬᠥᠮᠦᠨ ᠤᠷᠤᠰᠭᠠᠯ ᠢ᠋ ᠰᠥᠷᠴᠦ᠍ ᠂ ᠨᠠᠮ ᠲᠤᠭᠳᠠᠭᠤᠨ ᠵᠢᠡᠷ ᠴᠠᠭ ᠮᠥᠴᠡ᠎ᠵᠢ ᠪᠠᠲᠤ ᠰᠠᠬᠢᠬᠤ ᠰᠢᠬ᠃ ᠶᠠᠮᠠᠷᠪᠠ ᠰᠣᠩᠭᠣᠯᠲᠠ ᠴᠤ᠌ ᠭᠡᠰᠡᠨ ᠂ ᠵᠢᠷᠦᠭᠡ ᠰᠡᠳᠭᠢᠯ᠎ᠳᠡᠭᠡᠨ ᠰᠠᠢ᠌ᠨ ᠰᠠᠢᠬᠠᠨ ᠬᠦᠰᠡᠯ ᠡᠷᠡᠮᠡᠯᠵᠡᠯ ᠡᠪᠦᠷᠯᠡᠵᠦ᠂ ᠠᠮᠢ ᠨᠠᠰᠤᠨ ᠤ᠋ ᠤᠤᠷ ᠦᠨᠡᠨ ᠵᠢᠡᠨ ᠪᠠᠲᠤ ᠰᠠᠬᠢᠳᠠᠭ ᠯᠠ ᠶᠤᠮ ᠪᠣᠯ ᠂ ᠴᠥᠮ ᠥᠪᠡᠷ ᠤ᠋ᠨ ᠴᠠᠭ ᠦᠶ᠎ᠡ ᠪᠠᠨ ᠡᠵᠡᠮᠳᠡᠵᠦ᠂ ᠥᠭᠡᠷ᠎ᠡ ᠶᠠᠩᠵᠤ ᠵᠢᠨ ᠭᠡᠷᠡᠯ ᠭᠢᠯᠪᠠᠭ᠎ᠠ᠎ᠪᠠᠨ ᠰᠠᠴᠤᠷᠠᠭᠤᠯᠵᠤ ᠴᠢᠳᠠᠨ᠎ᠠ᠃
ᠡᠪᠦᠯ᠎ᠤᠨ ᠨᠠᠪᠴᠢᠨ᠎ᠤ ᠬᠦᠷᠡᠩ ᠰᠤᠳᠠᠰᠤ ᠨᠡᠷᠡᠨ᠎ᠦ ᠬᠡᠷᠡᠯ ᠳᠤᠤᠷ᠎ᠠ ᠲᠣᠪ ᠲᠣᠳᠣᠷᠬᠠᠶ ᠬᠠᠷᠠᠭ᠍ᠳᠠᠨ᠎ᠠ ᠂ ᠲᠦᠮᠡᠨ ᠪᠣᠳᠠᠰ ᠠᠮᠢᠯᠠᠨ ᠰᠡᠷᠭᠦᠭ᠌ᠰᠡᠨ ᠬᠠᠪᠤᠷ ᠮᠤᠳᠤᠳ ᠨᠤᠭᠤᠭᠠᠨ ᠨᠠᠪᠴᠢᠨ ᠬᠦᠷᠮ᠎ᠡ ᠪᠡᠨ ᠭᠡᠳᠦᠷᠡᠬᠦ ᠦᠶᠡᠰ ᠡᠪᠦᠯ᠎ᠤᠨ ᠨᠠᠪᠴᠢ ᠦᠪᠡᠷ ᠤ᠋ᠨ ᠵᠢᠡᠨ ᠠᠨᠳᠠᠭᠠᠢ ᠲᠠᠩᠭᠠᠷᠢᠭ ᠵᠢᠡᠨ ᠬᠦᠢᠴᠡᠳᠭᠡᠭᠡᠳ ᠰᠡᠪ ᠰᠡᠮᠡᠭᠡᠷ ᠡᠬᠡ ᠭᠠᠵᠠᠷ ᠲᠠᠭᠠᠨ ᠤᠨᠠᠨ᠎ᠠ᠃ ᠲᠡᠬᠦᠨ᠎ᠤ ᠤᠨᠠᠬᠤ ᠵᠢ ᠰᠡᠷᠡᠵᠦ ᠮᠡᠳᠡᠭᠰᠡᠨ ᠨᠢ ᠠᠯᠠᠭ᠎ᠠ᠃ ᠵᠦᠪᠭᠡᠨ ᠬᠠᠪᠤᠷ᠎ᠤᠨ ᠵᠦᠭᠡᠯᠡᠨ ᠪᠤᠷᠤᠭᠠᠨ᠎ᠤ ᠢᠯᠪᠢᠯᠳᠡ ᠤᠢᠳᠬᠠᠷ᠎ᠢ ᠨᠢ ᠠᠷᠭᠠᠳᠠᠭᠰᠠᠨ ᠲᠡᠳᠦᠢ᠃ ᠪᠢᠰᠢ᠂ ᠪᠢᠰᠢ᠃ ᠡᠪᠦᠯ᠎ᠤᠨ ᠨᠠᠪᠴᠢᠨ᠎ᠳᠤ ᠤᠢᠳᠬᠠᠷ ᠪᠠᠢᠬᠤ ᠦᠭᠡᠢ᠂ ᠤᠯᠠᠷᠢᠯ ᠵᠢᠡᠨ ᠲᠠᠭᠠᠵᠦ ᠤᠨᠠᠭᠰᠠᠨ ᠪᠤᠯᠪᠠᠴᠤ ᠲᠡᠬᠦᠨ᠎ᠤ ᠠᠨᠳᠠᠭᠠᠢ ᠲᠠᠩᠭᠠᠷᠢᠬ ᠡᠴᠦᠰᠯᠡᠭᠰᠡᠨ ᠪᠤᠰᠤ᠂ ᠬᠤᠷ᠎ᠠ ᠵᠢᠨ ᠰᠢᠮ᠎ᠠ ᠪᠡᠷ ᠬᠦᠷᠦᠰᠦᠨ᠎ᠳᠡᠭᠡᠨ ᠰᠢᠩᠭᠡᠭᠡᠳ᠂ ᠬᠦᠷᠦᠰᠦᠨ᠎ᠤ ᠲᠡᠵᠢᠭᠡᠯ ᠪᠤᠯᠵᠦ᠂ ᠦᠨᠳᠦᠰᠦ ᠪᠡᠷ ᠲᠠᠮᠵᠢᠨ ᠡᠷᠪᠡᠯᠵᠡᠨ ᠭᠠᠩᠭᠠᠷᠠᠵᠦ ᠪᠤᠢ ᠬᠠᠪᠤᠷ᠎ᠤᠨ ᠨᠤᠭᠤᠭᠠᠨ ᠨᠠᠪᠴᠢᠨ᠎ᠤ ᠰᠤᠳᠠᠰᠤᠨ᠎ᠳᠤ ᠯᠤᠬᠰᠢᠵᠦ ᠡᠬᠢᠯᠡᠨ᠎ᠡ᠃
ᠨᠠᠮᠤᠷ ᠤ᠋ᠨ ᠨᠠᠪᠴᠢ ᠵᠤᠯᠭᠠᠷᠠᠬᠤ ᠨᠢ ᠡᠬᠡ ᠭᠠᠵᠠᠷ ᠤ᠋ᠨ ᠰᠢᠯᠦᠭᠯᠢᠭ ᠤᠷᠮᠠᠰ᠃ ᠬᠠᠷᠢᠨ ᠡᠪᠦᠯ᠎ᠤᠨ ᠬᠤᠪᠠᠬᠠᠶ ᠨᠠᠪᠴᠢ ᠪᠣᠯ ᠠᠮᠢ ᠨᠠᠰᠤᠨ ᠤ᠋ ᠥᠭᠡᠷ᠎ᠡ ᠨᠢᠭᠡ ᠵᠦᠶ᠋ᠯ ᠤ᠋ᠨ ᠲᠡᠭᠦᠰ ᠠᠮᠵᠢᠯᠲᠠ᠂ ᠲᠠᠬᠢᠨ ᠨᠢᠭᠡᠨ ᠤᠳᠠᠭᠠᠨ᠎ᠤ ᠲᠡᠯᠭᠡᠷᠡᠯ᠎ᠤᠨ ᠭᠤᠯᠤᠮᠳᠠ ᠵᠢ ᠮᠠᠨᠠᠭᠰᠠᠨ ᠵᠠᠭᠤᠳᠠᠯ ᠬᠠᠳᠠᠭᠤ ᠪᠠᠳᠤ ᠰᠠᠬᠢᠶ᠎ᠠ ᠶᠤᠮ᠃ ᠠᠮᠢ ᠨᠠᠰᠤᠨ ᠤ᠋ ᠭᠤᠤ᠎ᠠ ᠰᠠᠢᠬᠠᠨ ᠨᠢ ᠤᠷᠭᠤᠵᠦ ᠲᠡᠯᠭᠡᠷᠡᠬᠦ ᠪᠠᠳᠠᠷᠠᠩᠭᠤᠢ ᠰᠠᠢᠬᠠᠨ᠎ᠳᠠᠭᠠᠨ ᠪᠠᠢᠬᠤ ᠪᠢᠰᠢ᠂ ᠠᠮᠢ ᠠᠮᠢᠵᠢᠷᠠᠯ ᠵᠢᠡᠨ ᠪᠦᠬᠡᠴᠡᠢᠯᠡᠭᠰᠡᠨ ᠡᠭᠦᠷᠢᠳᠡ ᠵᠢᠨ ᠪᠠᠷᠢᠮᠳᠠᠯᠠᠯ᠎ᠳᠠᠭᠠᠨ ᠪᠤᠢ᠃
ᠪᠢ ᠴᠡᠴᠡᠷᠯᠢᠭ᠎ᠤᠨ ᠮᠤᠳᠤᠨ᠎ᠤ ᠲᠤᠤᠷ᠎ᠠ ᠭᠠᠩᠬᠤᠨ ᠪᠦᠵᠢᠵᠦ ᠪᠠᠢᠭ᠎ᠠ ᠨᠠᠰᠤᠳᠠᠳᠢ ᠪᠠᠬᠠᠷᠬᠠᠨ ᠰᠡᠭᠦᠳᠡᠷᠯᠡᠵᠦ ᠲᠠᠭᠤᠰᠤᠭᠠᠳ ᠪᠤᠴᠠᠯ᠎ᠠ᠃ ᠡᠪᠦᠯ᠎ᠤᠨ ᠨᠠᠪᠴᠢ ᠮᠦᠨ ᠯᠡ ᠨᠠᠮ ᠵᠢᠮᠬᠡᠨ᠂ ᠲᠤᠪ ᠲᠤᠭᠤᠢ ᠮᠦᠴᠢᠷ ᠲᠡᠭᠡᠷ᠎ᠡ ᠪᠡᠨ ᠰᠠᠵᠢᠯᠠᠵᠦ ᠯᠡ ᠪᠠᠢᠨ᠎ᠠ᠂ ᠪᠦᠪᠡᠢ ᠵᠢᠨ ᠲᠠᠭᠤᠤ ᠠᠶᠠᠯᠬᠤ ᠴᠦ᠍ ᠰᠢᠬ᠃