ᠬᠤᠳᠠᠴᠢᠯᠠᠭ᠍ᠰᠠᠨ ᠤᠷᠴᠢᠨ ᠬᠦᠪᠡᠭᠦᠳ᠎ᠤᠨ ᠬᠦᠮᠦᠵᠢᠯ ᠪᠡ ᠴᠢᠨ᠋ᠸ᠎ᠠ᠎ᠶ᠋ᠢᠨ ᠰᠡᠩᠭᠡᠷᠡᠭᠦᠯᠤᠯ
2026-03-13 10:34:06
ᠵᠣᠬᠢᠶᠠᠭ᠍ᠴᠢ᠄
ᠨᠠᠮᠢᠶ᠎ᠠ ᠬᠠᠩᠷᠠᠮ᠎ᠠ
ᠣᠩᠱᠢᠭ᠍ᠰᠠᠨ ᠣᠳᠠᠭ᠎ᠠ᠄
★★★☆☆

—  《 ᠴᠢᠨ᠋ᠸ᠎ᠠ  ᠪᠡ ᠬᠡᠤᠭᠡᠳ》 ᠭᠡᠬᠦ᠌ ᠪᠦᠵᠢᠭ᠎ᠤᠨ ᠡᠴᠢᠨ᠎ᠠ ᠤᠬᠠᠭᠠᠨ


ᠨᠠᠢᠷᠠᠭᠤᠯᠤᠬᠴᠢ ᠵᠢᠨ ᠦᠭᠡ᠄ 2025 ᠤᠨ᠎ᠤ  6 ᠰᠠᠷ᠎ᠠ᠎ᠳᠤ 《 ᠦᠪᠤᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠲᠤᠯᠤᠳᠤᠭᠠᠷ ᠬᠤᠭᠤᠴᠠᠭᠠᠨ᠎ᠤ ᠪᠦᠵᠢᠭ᠎ᠤᠨ ᠤᠷᠤᠯᠳᠤᠭᠠᠨ》 ᠬᠦᠭᠡᠬᠤᠳᠠ᠎ᠳᠤ ᠶᠠᠪᠤᠭᠳᠠᠵᠤ᠂ ᠪᠦᠵᠢᠭᠴᠢᠳ ᠤᠷᠠᠨ ᠭᠤᠸᠠᠯᠢᠭ ᠦᠢᠯᠡ ᠬᠦᠳᠡᠯᠤᠯ᠂ ᠤᠷᠬᠢᠯᠤᠮ᠎ᠠ ᠬᠠᠯᠠᠭᠤᠨ ᠬᠠᠢᠷ᠎ᠠ ᠰᠡᠳᠬᠢᠯᠭᠡ ᠪᠡᠷ ᠵᠢᠡᠨ ᠲᠤᠷᠪᠢᠯᠢᠭ ᠰᠠᠢᠬᠠᠨ ᠤᠳᠬ᠎ᠠ ᠠᠭᠤᠯᠬᠤᠨ᠎ᠢ ᠲᠠᠮᠵᠢᠭᠤᠯᠵᠤ᠂ ᠪᠦᠵᠢᠭ ᠨᠢᠭᠡᠪᠤᠷᠢ ᠨᠢ ᠴᠦᠮ ᠨᠢᠭᠡ ᠤᠳᠠᠭᠠᠨ᠎ᠤ ᠦᠪᠡᠷᠮᠢᠴᠡ ᠤᠷᠠᠯᠢᠭ᠎ᠤᠨ ᠲᠤᠭᠠᠴᠢᠯᠳᠠ ᠪᠤᠯᠵᠤ ᠴᠢᠳᠠᠵᠠᠢ᠃ ᠡᠬᠦᠨ᠎ᠤ ᠲᠤᠳᠤᠷ᠎ᠠ ᠤᠷᠤᠯᠳᠤᠭᠠᠨ᠎ᠤ ᠠᠯᠳᠠᠨ ᠱᠠᠡᠭᠨᠠᠯ ᠬᠦᠷᠳᠡᠭᠰᠡᠨ 《 ᠴᠢᠨ᠋ᠸ᠎ᠠ ᠪᠡ ᠬᠡᠤᠭᠡᠳ 》 ᠬᠡᠮᠡᠬᠦ ᠬᠡᠤᠭᠡᠳ᠎ᠤᠨ ᠪᠦᠵᠢᠭ ᠨᠢ ᠢᠳᠡᠷᠡᠬᠦᠨ ᠵᠢᠪᠬᠤᠭᠠᠯᠢᠭ ᠬᠦᠭ ᠠᠶᠠᠰ᠂ ᠤᠳᠬ᠎ᠠ ᠲᠡᠬᠦᠯᠳᠡᠷ ᠪᠦᠵᠢᠭ᠎ᠤᠨ ᠨᠠᠢᠷᠠᠭᠤᠯᠭ᠎ᠠ ᠪᠡᠷ ᠵᠢᠡᠨ ᠬᠦᠮᠤᠨ ᠪᠠᠢᠭᠠᠯᠢ ᠵᠢᠨ ᠬᠠᠷᠢᠴᠠᠭ᠎ᠠ ᠵᠢ ᠠᠮᠢᠳᠤᠯᠢᠭ ᠰᠠᠢᠬᠠᠨ ᠵᠢᠷᠤᠬᠯᠠᠬᠤ ᠪᠡᠷ ᠳᠠᠮᠵᠢᠨ ᠬᠥᠮᠦᠨ ᠬᠢᠭᠡᠳ ᠴᠢᠨ᠋ᠸ᠎ᠠ ᠵᠢᠨ ᠤᠴᠠᠷᠠᠯ᠂ ᠳᠠᠰᠤᠯᠴᠠᠯ᠂ ᠡᠭᠡᠨᠡᠭᠰᠢᠯ᠂ ᠥᠭᠦᠵᠦ᠍ ᠰᠡᠭᠡᠬᠦ᠌ ᠪᠡᠨ ᠬᠠᠮᠲᠤᠳᠭᠠᠭ᠍ᠰᠠᠨ ᠰᠡᠳᠭᠢᠯᠭᠡ ᠶ᠋ᠢᠨ ᠶᠠᠪᠤᠴᠠ᠎ᠵᠢ ᠠᠮᠢᠳᠤᠯᠢᠭ ᠪᠦᠵᠢᠭᠯᠡᠵᠤ᠂ ᠡᠷ᠎ᠠ ᠬᠦᠮᠦᠨ᠎ᠤ ᠰᠦᠯᠳᠡ ᠭᠡᠢᠮᠤᠷᠢ᠎ᠪᠠᠨ ᠰᠠᠷᠬᠦᠭᠡᠨ ᠬᠦᠪᠴᠢᠯᠠᠵᠦ᠍᠂ ᠡᠷᠴᠢ ᠵᠤᠷᠢᠭ᠎ᠢᠶᠠᠨ ᠪᠠᠳᠠᠷᠠᠭᠤᠯᠬᠤ ᠪᠡ ᠪᠤᠳᠠᠳᠤ ᠦᠢᠯᠡᠳᠦᠯᠭᠡ᠎ᠳᠤ ᠤᠷᠤᠯᠴᠠᠵᠤ ᠤᠶᠤᠨ ᠴᠢᠳᠠᠪᠤᠷᠢ᠎ᠪᠠᠨ ᠪᠤᠯᠪᠠᠰᠤᠷᠠᠭᠤᠯᠬᠤ ᠲᠤᠬᠠᠢ ᠨᠢᠭᠡ ᠤᠳᠠᠭᠠᠨ᠎ᠤ ᠰᠤᠷᠢᠯᠳᠠ ᠪᠤᠯᠵᠠᠢ᠃ ᠡᠨᠡ ᠪᠦᠵᠢᠭ ᠦᠪᠤᠷ ᠮᠤᠡᠭᠭᠤᠯ᠎ᠤᠨ ᠲᠠᠯ᠎ᠠ ᠨᠤᠳᠤᠭ᠎ᠤᠨ ᠦᠨᠤᠷ ᠠᠮᠳᠠ ᠵᠢ ᠬᠠᠳᠠᠭᠠᠯᠠᠬᠰᠠᠨ ᠲᠡᠳᠤᠢ ᠦᠬᠡᠢ ᠬᠡᠤᠬᠡᠳ᠎ᠤᠨ ᠴᠤᠪᠤᠭᠤ ᠲᠡᠭᠵᠢᠨ ᠤᠤᠷ ᠴᠢᠨᠡᠷ ᠪᠡ ᠰᠠᠬᠢᠨ ᠪᠡᠷᠡᠯᠡᠵᠦ᠍ ᠬᠠᠷᠢᠯᠴᠠᠨ ᠬᠠᠪᠰᠤᠷᠤᠯᠴᠠᠬᠤ᠂ ᠪᠦᠯᠬᠦᠮᠳᠡᠨ ᠲᠡᠮᠡᠴᠡᠬᠦ᠌᠂ ᠡᠭᠡ ᠤᠷᠤᠨ ᠵᠢᠡᠨ ᠬᠠᠢᠷᠠᠯᠠᠬᠤ ᠰᠢᠨ᠎ᠠ ᠴᠠᠭ ᠦᠶ᠎ᠠ ᠵᠢᠨ ᠲᠦᠷᠢ ᠲᠦᠷᠬᠦ ᠵᠢ ᠢᠯᠡᠷᠡᠬᠦᠯᠦᠭᠰᠡᠨ ᠵᠢᠡᠷ ᠵᠢᠡᠨ ᠦᠷᠭᠡᠨ ᠤᠯᠠᠨ ᠦᠵᠡᠭᠴᠢ ᠲᠦᠮᠡᠨ᠎ᠤ ᠪᠠᠬᠠᠷᠬᠠᠯ ᠰᠠᠢᠰᠢᠶᠠᠯ᠎ᠢ ᠬᠦᠷᠳᠡᠭᠰᠡᠨ ᠪᠦᠭᠡᠳ ᠡᠷᠳᠡᠮᠳᠡᠨ ᠮᠡᠷᠭᠡᠳ᠎ᠤᠨ ᠦᠨᠠᠯᠠᠯᠳᠠ ᠮᠠᠬᠳᠠᠭᠠᠯ᠎ᠢ ᠤᠯᠤᠬᠰᠠᠨ ᠪᠠᠢᠨ᠎ᠠ᠃


ᠲᠤᠰ ᠪᠦᠵᠢᠭ᠎ᠲᠤ ᠤᠯᠠᠮᠵᠢᠯᠡᠯᠳᠤ ᠪᠦᠵᠢᠭ ᠪᠡ ᠵᠠᠭᠡᠯᠢ᠎ᠶ᠋ᠢᠨ ᠪᠦᠵᠢᠭ᠂ ᠵᠡᠸᠰ ᠪᠦᠵᠢᠭ (Jazz Dance) ᠵᠡᠷᠭᠡ ᠪᠦᠵᠢᠭ ᠤᠷᠠᠯᠢᠭ᠎ᠢ ᠤᠷᠭᠠᠨᠢᠭ᠎ᠢᠶᠠᠷ ᠠᠭᠤᠰᠭᠠᠵᠤ᠂ ᠱᠢᠨ᠎ᠡ ᠴᠠᠭ᠎ᠤᠨ ᠦᠵᠡᠭ᠌ᠴᠢᠳ᠎ᠤᠨ ᠭᠦᠯᠢᠶᠡᠨ ᠠᠪᠤᠯᠳᠡ᠂ ᠱᠢᠨ᠎ᠡ ᠦᠶ᠎ᠡ᠎ᠶ᠋ᠢᠨ ᠪᠦᠵᠢᠭ ᠤᠷᠠᠯᠢᠭ᠎ᠤᠨ ᠭᠦᠭ᠌ᠵᠢᠯᠳᠡ᠎ᠶ᠋ᠢ ᠬᠠᠷᠠᠭᠤᠯᠤᠭ᠍ᠰᠠᠨ ᠠᠵᠢ᠃ ᠮᠤᠩᠭᠤᠯ ᠪᠦᠵᠢᠭ ᠤᠷᠠᠯᠢᠭ᠎ᠡᠢᠮᠤᠷᠬᠦᠤ ᠪᠤᠳᠠᠳᠤ ᠠᠬᠤᠢᠴᠢ ᠴᠢᠨᠡᠷ᠂ ᠲᠡᠯᠡᠯᠳᠡ᠎ᠲᠠᠢ ᠰᠡᠳᠭᠢᠬᠦᠢ᠂ ᠴᠢᠯᠦᠭᠡᠳᠤ ᠵᠠᠭ᠍ᠪᠤᠷ᠎ᠢᠶᠠᠷ ᠦᠷᠭᠦᠯᠵᠢᠯᠡᠨ ᠬᠦᠭ᠌ᠵᠢᠵᠤ᠂ ᠦᠪᠡᠷ᠎ᠤᠨ ᠭᠡᠰᠡᠨ ᠤᠨᠴᠠᠭᠠᠢ ᠬᠡᠯᠪᠡᠷᠢ᠎ᠪᠠᠷ ᠬᠦᠮᠦᠨ ᠲᠦᠷᠦᠯᠬᠢᠳᠡᠨ᠎ᠤ ᠦᠵᠡᠯ ᠪᠤᠳᠤᠯ᠂ ᠤᠷᠠᠯᠢᠭ᠎ᠤᠨ ᠲᠤᠬᠠᠢ ᠮᠡᠳᠡᠷᠡᠮᠵᠢ᠎ᠶ᠋ᠢ ᠲᠠᠰᠤᠷᠡᠯᠳᠡ ᠦᠭᠡᠢ ᠱᠢᠨᠡᠴᠢᠯᠡᠭ᠌ᠰᠡᠭᠡᠷ ᠪᠤᠢ᠃

《ᠠᠯᠳᠠᠨ ᠵᠤᠤᠵᠠᠢ》 ᠲᠤᠰᠬᠠᠢ ᠨᠢᠭᠤᠷ ᠲᠤᠰ᠎ᠳᠤᠭᠠᠷ ᠲᠦ᠍ 《ᠬᠤᠳᠠᠴᠢᠯᠠᠭ᠍ᠰᠠᠨ ᠤᠷᠴᠢᠨ ᠬᠦᠪᠡᠭᠦᠳ᠎ᠤᠨ ᠬᠦᠮᠦᠵᠢᠯ ᠪᠡ ᠴᠢᠨ᠋ᠸ᠎ᠠ᠎ᠶ᠋ᠢᠨ ᠰᠡᠩᠭᠡᠷᠡᠭᠦᠯᠤᠯ》 ᠭᠡᠮᠡᠬᠦ᠌ ᠰᠢᠬᠦᠮᠵᠢ ᠵᠢ ᠨᠡᠢᠳᠡᠯᠡᠵᠦ᠂ ᠲᠤᠰ ᠪᠦᠵᠢᠭ᠎ᠤᠨ ᠲᠤᠬᠠᠢ ᠲᠤᠰᠬᠠᠢ ᠮᠡᠷᠭᠡᠵᠢᠯᠳᠡᠨ᠎ᠤ ᠰᠢᠬᠦᠮᠵᠢᠯᠡᠯ ᠦᠨᠡᠯᠡᠯᠳᠡ ᠵᠢ ᠤᠩᠰᠢᠬᠴᠢ ᠲᠠᠨᠠᠷ ᠲᠠᠭᠠᠨ ᠬᠦᠷᠭᠡᠵᠦ ᠪᠠᠢᠨ᠎ᠠ᠃


QQ20260313-104633.png


《 ᠴᠢᠨ᠋ᠸ᠎ᠠ ᠪᠡ ᠬᠡᠤᠭᠡᠳ》 ᠪᠦᠵᠢᠭ ᠎ᠤᠨ ᠬᠡᠰᠡᠭ ᠦᠵᠡᠭᠳᠡᠯ

ᠲᠤᠰ ᠰᠤᠨᠢᠨ᠎ᠤ ᠰᠤᠷᠪᠤᠯᠵᠢᠯᠠᠬᠴᠢ  ᠭᠤᠤ ᠬᠤᠡᠭ ᠯᠢᠶᠠᠨ  ᠰᠡᠬᠦᠳᠡᠷᠯᠡᠪᠡ


ᠵᠠᠯᠠᠭᠤ ᠪᠦᠵᠢᠭᠴᠢᠨ ᠬᠦᠳᠡᠷ᠎ᠤᠨ ᠨᠠᠢᠷᠠᠭᠤᠯᠤᠨ ᠤᠳᠤᠷᠢᠳᠤᠭᠠᠭ᠍ᠰᠠᠨ 《ᠴᠢᠨ᠋ᠸ᠎ᠠ ᠪᠡ ᠬᠡᠤᠭᠡᠳ》 ᠭᠡᠬᠦ᠌ ᠪᠦᠵᠢᠭ  ᠦᠪᠤᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠲᠤᠯᠤᠳᠤᠭᠠᠷ ᠬᠤᠭᠤᠴᠠᠭᠠᠨ᠎ᠤ ᠪᠦᠵᠢᠭ᠎ᠤᠨ ᠤᠷᠤᠯᠳᠤᠭᠠᠨ᠎ᠳᠤ ᠵᠤᠬᠢᠶᠠᠯ ᠪᠦᠳᠤᠭᠡᠯ᠎ᠤᠨ ᠠᠯᠳᠠᠨ ᠱᠠᠩᠨᠠᠯ᠂ ᠳᠤᠭ᠍ᠯᠠᠯᠳᠠ᠎ᠶ᠋ᠢᠨ ᠠᠯᠳᠠᠨ ᠱᠠᠩᠨᠠᠯ᠎ᠢ ᠲᠤᠰ ᠲᠤᠰ ᠲᠤᠰᠤᠭᠠᠳ ᠤᠯᠠᠨ᠎ᠤ ᠠᠩᠬᠠᠷᠤᠯ᠎ᠢ ᠤᠨᠴᠠ ᠲᠡᠳᠠᠭ᠍ᠰᠠᠨ ᠪᠠᠢᠨ᠎ᠠ᠃ ᠠᠪᠤᠨ ᠦᠵᠡᠬᠦ᠌᠎ᠳᠤ᠂ ᠡᠨᠡ ᠬᠦ᠌ ᠤᠬᠤᠷᠬᠠᠨ ᠬᠡᠥᠭᠡᠳ᠎ᠤᠨ ᠪᠦᠵᠢᠭ᠎ᠨᠢ ᠴᠢᠨ᠋ᠸ᠎ᠠ ᠪᠡ ᠬᠡᠥᠭᠡᠳ᠎ᠢ ᠬᠠᠮᠳᠤ ᠲᠤᠭ᠍ᠯᠠᠭᠤᠯᠵᠤ᠂ ᠨᠢᠭᠡ ᠵᠦᠢᠯ᠎ᠤᠨ ᠬᠦᠮᠦᠨ ᠪᠡ ᠠᠮᠢᠳᠡᠨ᠂ ᠬᠦᠮᠦᠨ ᠪᠡ ᠪᠠᠢᠭᠠᠯᠢ᠎ᠶ᠋ᠢᠨ ᠡᠶ᠎ᠡ ᠵᠤᠬᠢᠴᠠᠯᠳᠤ ᠤᠷᠤᠱᠢᠬᠤᠢ ᠭᠡᠬᠦ᠌ ᠨᠠᠢᠳᠡᠯᠢᠭ ᠤᠳᠭ᠎ᠠ ᠰᠡᠳᠦᠪ᠎ᠢ ᠬᠦᠨᠳᠡᠭ᠌ᠰᠡᠨ ᠭᠡᠵᠤ ᠪᠤᠳᠤᠭ᠍ᠳᠠᠭᠤᠯᠬᠤ ᠪᠤᠯᠪᠠᠴᠤ᠌  ᠪᠦᠵᠢᠭ ᠨᠠᠢᠷᠠᠭᠤᠯᠤᠭ᠍ᠴᠢ ᠬᠦᠳᠡᠷ ᠬᠠᠷᠢᠨ 《ᠪᠢ ᠡᠨᠡ ᠪᠦᠵᠢᠭ᠎ᠢ ᠨᠠᠢᠷᠠᠭᠤᠯᠬᠤ᠎ᠳᠠᠭᠠᠨ ᠲᠡᠢᠮᠦ᠍ ᠤᠯᠠᠨ ᠵᠦᠢᠯ᠎ᠢ ᠪᠤᠳᠤᠭ᠍ᠰᠠᠨ ᠦᠭᠡᠢ᠂ ᠵᠦᠪᠭᠡᠨ ᠨᠢᠭᠡ ᠵᠦᠢᠯ᠂ ᠲᠠᠷᠤᠢ ᠨᠡᠭᠦᠳᠡᠯᠴᠢᠳ᠎ᠤᠨ ᠬᠤᠢᠴᠢᠰ ᠪᠤᠯᠬᠤ ᠬᠦᠪᠡᠭᠦᠤᠨ᠎ᠤᠨ ᠬᠦᠮᠦᠵᠢᠯ᠎ᠳᠤ ᠡᠷ᠎ᠠ ᠵᠤᠷᠢᠭ᠎ᠤᠨ ᠬᠦᠮᠦᠵᠢᠯ ᠬᠢᠵᠤ᠂ ᠡᠷᠡᠭ᠌ᠳᠡᠢᠴᠤᠳ᠎ᠤᠨ ᠰᠦᠷ ᠰᠦᠯᠳᠡ᠎ᠶ᠋ᠢ ᠪᠤᠢ ᠪᠤᠯᠭᠠᠬᠤ ᠠᠰᠠᠭᠤᠳᠡᠯ᠎ᠢ ᠪᠤᠳᠤᠭ᠍ᠰᠠᠨ ᠶᠤᠮ》 ᠭᠡᠵᠤ ᠶᠠᠷᠢᠭ᠍ᠰᠠᠨ ᠪᠠᠢᠨ᠎ᠠ᠃ ᠲᠡᠷᠡ ᠬᠡᠳᠦᠨ ᠵᠢᠯ᠎ᠤᠨ ᠡᠮᠦᠨ᠎ᠠ᠎ᠠᠴᠠ ᠡᠨᠡ ᠠᠰᠠᠭᠤᠳᠡᠯ᠎ᠳᠤ ᠠᠩᠬᠠᠷᠤᠯ ᠲᠠᠯᠪᠢᠵᠤ᠂ 《ᠦᠪᠤᠷ ᠮᠤᠩᠭᠤᠯ᠎ᠤᠨ ᠵᠢᠩ ᠳ᠋ᠦᠩ ᠰᠤᠶᠤᠯ ᠲᠠᠮᠵᠢᠭᠤᠯᠭ᠎ᠠ᠎ᠶ᠋ᠢᠨ ᠬᠢᠵᠠᠭᠠᠷᠳᠤ ᠺᠤᠮᠫᠠᠨᠢ》 ᠎ᠶ᠋ᠢ ᠡᠭᠦᠰᠭᠡᠨ ᠪᠠᠢᠭᠤᠯᠵᠤ᠂ ᠬᠦᠪᠡᠭᠦᠤᠨ᠎ᠤᠨ ᠲᠤᠰᠭᠠᠢ ᠠᠩᠭᠢ ᠡᠯᠰᠡᠵᠤ᠂ ᠪᠦᠵᠢᠭ ᠤᠷᠠᠯᠢᠭ᠎ᠢᠶᠠᠷ ᠲᠠᠮᠵᠢᠭᠤᠯᠤᠨ ᠬᠤᠳᠠᠴᠢᠯᠠᠭ᠍ᠰᠠᠨ ᠤᠷᠴᠢᠨ᠎ᠳᠤ᠂ ᠨᠡᠭᠦᠳᠡᠯᠴᠢᠤᠨ᠎ᠤᠨ ᠵᠤᠷᠢᠭ ᠰᠠᠨᠠᠭ᠎ᠠ᠂ ᠢᠯᠠᠩᠭᠤᠶ᠎ᠠ ᠡᠷ᠎ᠠ ᠵᠤᠷᠢᠭ᠎ᠤᠨ ᠬᠦᠮᠦᠵᠢᠯ᠎ᠢ ᠬᠡᠷᠬᠢᠨ ᠬᠢᠬᠦ᠌ ᠲᠤᠬᠠᠢ ᠪᠤᠳᠤᠯᠬᠢᠯᠠᠭ᠍ᠰᠠᠭᠠᠷ ᠢᠷᠡᠭ᠌ᠰᠡᠨ ᠶᠤᠮ᠃ ᠲᠡᠭᠦᠨ᠎ᠤ ᠤᠳᠤᠷᠢᠳᠤᠭᠠᠭ᠍ᠰᠠᠨ ᠪᠤᠶᠤ ᠤᠷᠤᠯᠴᠠᠭ᠍ᠰᠠᠨ ᠤᠯᠠᠩᠬᠢ  ᠪᠦᠵᠢᠭ᠎ᠨᠢ ᠪᠦᠷ ᠡᠢᠮᠦᠷᠬᠦᠤ ᠦᠵᠡᠯ ᠰᠠᠨᠠᠭ᠎ᠠ ᠪᠡ ᠪᠤᠳᠤᠯᠬᠢᠯᠡᠯ᠎ᠢ ᠠᠭᠤᠯᠤᠭᠰᠠᠨ ᠪᠠᠢᠳᠠᠭ᠃ ᠲᠡᠭᠦᠨ᠎ᠤ 《ᠮᠦᠷ·ᠲᠠᠯ᠎ᠠ᠎ᠶ᠋ᠢᠨ ᠰᠠᠯᠬᠢᠨ·ᠵᠤᠭ᠍ᠰᠤᠯᠳᠡ》 ᠭᠡᠬᠦ᠌ ᠪᠦᠳᠦᠭᠡᠯ᠎ᠳᠡᠭᠡᠨ ᠲᠡᠷᠡ 《 ᠪᠢ ᠵᠦᠪᠭᠡᠨ ᠮᠤᠩᠭᠤᠯ ᠰᠤᠶᠤᠯ᠎ᠤᠨ ᠤᠳᠤᠬᠢᠴᠢ ᠱᠢᠨᠵᠢ᠎ᠶ᠋ᠢᠨ ᠲᠤᠬᠠᠢ ᠰᠦᠪᠡᠭ᠌ᠴᠢᠯᠡᠬᠦ᠌᠎ᠶ᠋ᠢ ᠰᠠᠨᠠᠵᠤ ᠪᠤᠢ》 ᠭᠡᠵᠤ ᠬᠡᠯᠡᠭ᠌ᠰᠡᠨ ᠪᠦᠭᠡᠳ 《ᠮᠤᠩᠭᠤᠯᠴᠤᠳ ᠪᠢᠳᠡ ᠦᠪᠡᠷ᠎ᠤᠨ᠎ᠢᠶᠠᠨ ᠬᠡᠯᠪᠡᠷᠢ᠎ᠪᠠᠷ ᠬᠤᠳᠡ᠎ᠶ᠋ᠢᠨ ᠤᠷᠴᠢᠨ᠎ᠳᠤ ᠠᠮᠢᠳᠤᠷᠡᠬᠤ ᠭᠡᠵᠤ ᠰᠠᠨᠠᠬᠤ ᠪᠤᠯᠪᠠᠴᠤ᠌ ᠲᠡᠷᠡ᠎ᠨᠢ ᠪᠤᠯᠤᠯᠴᠠᠭ᠎ᠠ ᠦᠭᠡᠢ᠂ ᠤᠴᠢᠷ᠎ᠨᠢ ᠤᠷᠴᠢᠨ ᠲᠤᠭᠤᠷᠢᠨ ᠴᠢᠨᠢ ᠨᠢᠭᠡᠨᠳᠡ ᠦᠭᠡᠷᠡᠴᠢᠯᠡᠭ᠌ᠳᠡᠭ᠌ᠰᠡᠨ》 ᠭᠡᠵᠤ ᠤᠷᠴᠢᠨ ᠲᠤᠭᠤᠷᠢᠨ ᠪᠡ ᠠᠮᠢᠳᠤᠷᠡᠬᠤ ᠬᠡᠯᠪᠡᠷᠢ᠎ᠶ᠋ᠢᠨ ᠬᠤᠭᠤᠷᠤᠨᠳᠦᠬᠢ ᠵᠦᠷᠢᠴᠡᠯ᠎ᠢ ᠲᠡᠯᠭᠡᠵᠤ᠂ ᠡᠢᠮᠤᠷᠬᠦᠤ ᠵᠦᠷᠢᠴᠡᠯᠳᠤ ᠤᠷᠴᠢᠨ᠎ᠳᠤ ᠬᠡᠷᠬᠢᠨ ᠦᠪᠡᠷ᠎ᠤᠨ ᠰᠤᠶᠤᠯ᠎ᠢᠶᠠᠨ ᠤᠯᠠᠮᠵᠢᠯᠡᠨ ᠬᠦᠭ᠌ᠵᠢᠭᠦᠯᠬᠦ᠌ ᠠᠰᠠᠭᠤᠳᠡᠯ᠎ᠢ ᠲᠤᠷᠠᠳᠤᠭ᠍ᠰᠠᠨ ᠪᠠᠢᠨ᠎ᠠ᠃ ᠡᠢᠮᠤᠷᠬᠦᠤ ᠪᠤᠳᠤᠯᠬᠢᠯᠡᠯ᠎ᠨᠢ ᠲᠡᠭᠦᠨ᠎ᠢ ᠪᠦᠵᠢᠭ ᠤᠷᠠᠯᠢᠭ᠎ᠢᠶᠠᠷ ᠲᠠᠮᠵᠢᠭᠤᠯᠤᠨ᠂ ᠦᠨᠳᠦᠰᠦᠳᠡᠨ᠎ᠤ ᠰᠤᠶᠤᠯ᠎ᠢᠶᠠᠨ ᠲᠡᠯᠭᠡᠷᠡᠭᠦᠯᠦᠨ ᠬᠦᠭ᠌ᠵᠢᠭᠦᠯᠬᠦ᠂ ᠢᠯᠠᠩᠭᠤᠶ᠎ᠠ ᠬᠡᠥᠭᠡᠳ ᠪᠠᠭᠠᠴᠤᠳ᠎ᠢ ᠪᠦᠵᠢᠭ ᠤᠷᠠᠯᠢᠭ᠎ᠢᠶᠠᠷ ᠲᠠᠮᠵᠢᠭᠤᠯᠤᠨ ᠪᠠᠶᠠᠰᠠᠬ᠍ᠨ ᠲᠠᠭᠠᠭᠤᠯᠬᠤ᠎ᠲᠤᠮᠳᠡ ᠰᠤᠷᠭᠠᠨ ᠬᠦᠮᠦᠵᠢᠭᠦᠯᠬᠦ᠌ ᠤᠨᠴᠠᠭᠠᠢ ᠠᠷᠭ᠎ᠠ ᠬᠡᠯᠪᠡᠷᠢ᠎ᠶ᠋ᠢ ᠰᠤᠩᠭᠤᠬᠤ᠎ᠳᠤ ᠬᠦᠷᠭᠡᠭ᠌ᠰᠡᠨ ᠶᠤᠮ᠃ ᠲᠡᠭᠦᠨ᠎ᠤ ᠤᠷᠤᠯᠴᠠᠭ᠍ᠰᠠᠨ ᠪᠡ ᠤᠳᠤᠷᠢᠳᠤᠭᠠᠭ᠍ᠰᠠᠨ 《ᠬᠦᠭᠡ ᠲᠤᠯᠪᠤ》᠂ 《ᠠᠮᠢ ᠨᠠᠰᠤᠨ᠎ᠤ ᠮᠠᠭ᠍ᠳᠠᠭᠠᠯ》 ᠵᠡᠷᠭᠡ ᠪᠦᠳᠦᠭᠡᠯ᠎ᠳᠤᠨᠢ ᠪᠦᠷ ᠡᠢᠮᠤᠷᠬᠦᠤ ᠰᠤᠷᠭᠠᠨ ᠬᠦᠮᠦᠵᠢᠭᠦᠯᠬᠦ᠌ ᠦᠵᠡᠯ ᠰᠠᠨᠠᠭ᠎ᠠ ᠠᠭᠤᠯᠤᠭ᠍ᠳᠠᠵᠤ ᠪᠠᠢᠳᠠᠭ᠃

ᠬᠦᠳᠡᠷ᠎ᠤᠨ ᠤᠳᠤᠷᠢᠳᠤᠭᠠᠬᠰᠠᠨ ᠪᠦᠵᠢᠭ᠎ᠲᠤ ᠮᠤᠷᠢᠨ᠎ᠤ ᠳᠦᠷᠢ ᠤᠯᠠᠨ ᠭᠠᠷᠳᠠᠭ ᠪᠤᠯᠪᠠᠴᠤ᠌ ᠡᠨᠡ ᠤᠳᠠᠭ᠎ᠠ 《ᠴᠢᠨ᠋ᠸ᠎ᠠ ᠪᠡ ᠬᠡᠤᠭᠡᠳ》 ᠎ᠢ᠋ ᠲᠦᠰᠦᠪᠯᠡᠨ ᠨᠠᠢᠷᠠᠭᠤᠯᠬᠤ᠎ᠳᠠᠭᠠᠨ ᠲᠤᠰᠭᠠᠢᠯᠠᠨ ᠴᠢᠨ᠋ᠸ᠎ᠠ᠎ᠶ᠋ᠢᠨ ᠳᠦᠷᠢ᠎ᠶ᠋ᠢ ᠰᠤᠩᠭᠤᠵᠤ᠂ ᠪᠦᠵᠢᠭ᠎ᠤᠨ᠎ᠢᠶᠠᠨ ᠰᠤᠶᠤᠯ᠎ᠤᠨ ᠠᠷᠤ ᠦᠵᠡᠭ᠌ᠳᠡᠯ ᠪᠤᠯᠤᠨ ᠤᠳᠭ᠎ᠠ ᠰᠡᠳᠦᠪ᠎ᠢ ᠬᠠᠮᠳᠤᠷᠡᠨ ᠬᠦᠢᠴᠡᠳᠭᠡᠭ᠌ᠴᠢ ᠪᠤᠯᠭᠠᠵᠠᠢ᠃ ᠤᠴᠢᠷ᠎ᠨᠢ ᠴᠢᠨ᠋ᠸ᠎ᠠ᠎ᠶ᠋ᠢᠨ ᠳᠦᠷᠢ᠎ᠨᠢ ᠮᠤᠷᠢᠨ᠎ᠤ ᠳᠦᠷᠢ᠎ᠶ᠋ᠢ ᠪᠤᠳᠤᠪᠡᠯ ᠨᠡᠩ ᠵᠡᠷᠯᠢᠭ᠂ ᠨᠡᠩ ᠪᠠᠯᠠᠷᠯᠢᠭ ᠱᠢᠨᠵᠢ᠎ᠲᠠᠢ ᠪᠠᠢᠵᠤ ᠬᠦᠴᠤ᠌ ᠴᠢᠳᠠᠯ ᠬᠢᠭᠡᠳ ᠲᠡᠮᠡᠴᠡᠯ᠎ᠤᠨ ᠵᠤᠷᠢᠭ ᠰᠠᠨᠠᠭ᠎ᠠ᠎ᠶ᠋ᠢ ᠲᠦᠯᠦᠭᠡᠯᠡᠵᠤ ᠪᠠᠢᠳᠠᠭ᠃ ᠲᠡᠢᠮᠦ᠍᠎ᠠᠴᠠ ᠲᠠᠢᠰᠡᠨ ᠲᠡᠭᠡᠷ᠎ᠠ ᠨᠢᠭᠡᠨ ᠬᠦᠪᠡᠭᠦᠨ ᠪᠡ ᠨᠢᠭᠡ ᠴᠢᠨ᠋ᠸ᠎ᠠ᠂ ᠨᠢᠭᠡ ᠬᠦᠮᠦᠨ ᠪᠡ ᠤᠯᠠᠠ ᠴᠢᠨ᠋ᠸ᠎ᠠ ᠬᠠᠮᠳᠤ ᠪᠡᠷ ᠪᠦᠵᠢᠭ᠌ᠯᠡᠬᠦ᠌ ᠦᠶ᠎ᠡ᠎ᠳᠤ ᠠᠶᠤᠯ ᠲᠦᠭ᠌ᠰᠢᠭᠦᠷᠢ ᠪᠡ ᠵᠤᠷᠢᠭ ᠰᠦᠰᠤ᠂ ᠬᠦᠮᠦᠨ ᠪᠡ ᠪᠠᠢᠭᠠᠯᠢ᠂ ᠪᠤᠳᠠᠳᠤ ᠠᠬᠤᠢ ᠪᠡ ᠤᠷᠠᠯᠢᠭ᠎ᠤᠨ ᠦᠷ᠎ᠠ ᠨᠦᠯᠦᠭᠡ ᠬᠠᠷᠢᠯᠴᠠᠨ ᠤᠶᠠᠯᠳᠤᠵᠤ᠂ ᠤᠨᠴᠠᠭᠠᠢ ᠨᠢᠭᠡ ᠵᠦᠢᠯ᠎ᠤᠨ ᠠᠬᠤᠢ ᠲᠠᠯᠡᠪᠡᠢ᠎ᠶ᠋ᠢ ᠪᠤᠢ ᠪᠤᠯᠭᠠᠭ᠍ᠰᠠᠨ ᠪᠠᠢᠨ᠎ᠠ᠃

ᠪᠤᠳᠠᠳᠠᠢ᠎ᠪᠠᠷ ᠳᠠᠢᠯᠤᠨ ᠶᠠᠷᠢᠬᠤ᠎ᠳᠤ ᠳᠤᠰ ᠪᠦᠵᠢᠭ᠎ᠨᠢ ᠳᠤᠯᠤᠭᠠᠨ ᠮᠢᠨᠦ᠋ᠲ᠎ᠤᠨ ᠤᠬᠤᠷᠬᠠᠨ ᠴᠠᠭ ᠵᠠᠢ᠎ᠳᠤ ᠲᠡᠭᠡᠷᠡᠬᠢ ᠮᠡᠳᠤ ᠭᠦᠨᠵᠡᠭᠡᠢ ᠰᠠᠨᠠᠭ᠎ᠠ᠎ᠶ᠋ᠢ ᠢᠯᠡᠷᠡᠭᠦᠯᠬᠦ᠌ ᠭᠡᠵᠤ ᠮᠡᠷᠡᠢᠭ᠌ᠰᠡᠨ ᠪᠡ ᠶᠡᠭᠡ ᠲᠦᠯᠦᠪ ᠭᠤᠷᠪᠠᠨ ᠪᠦᠯᠦᠭ᠎ᠲᠤ ᠬᠤᠪᠢᠶᠠᠵᠤ᠂ ᠤᠳᠭ᠎ᠠ ᠰᠠᠨᠠᠭ᠎ᠠ᠎ᠪᠠᠨ ᠢᠯᠡᠷᠡᠭᠦᠯᠦᠭ᠌ᠰᠡᠨ ᠪᠠᠢᠨ᠎ᠠ᠃ ᠨᠢᠭᠡᠳᠤᠭᠡᠷ ᠪᠦᠯᠦᠭ᠎ᠲᠤ ᠨᠢᠭᠡ ᠭᠡᠦᠭᠡᠳ ᠪᠡ ᠨᠢᠭᠡ ᠴᠢᠨ᠋ᠸ᠎ᠠ᠎ᠪᠠᠷ ᠡᠬᠢᠯᠡᠯᠳᠡ᠎ᠶ᠋ᠢᠨ ᠲᠠᠯᠠᠪᠤᠷ ᠪᠤᠯᠭᠠᠵᠤ᠂ ᠦᠵᠡᠭ᠌ᠴᠢᠳ᠎ᠢ ᠮᠠᠰᠢ ᠲᠦᠷᠭᠡᠨ᠎ᠢᠶᠠᠷ ᠤᠨᠴᠠᠭᠠᠢ ᠨᠢᠭᠡ ᠵᠦᠢᠯ᠎ᠤᠨ ᠤᠷᠴᠢᠨ᠎ᠳᠤ ᠲᠠᠳᠠᠨ ᠤᠷᠤᠭᠤᠯᠤᠭ᠍ᠰᠠᠨ ᠪᠠᠢᠨ᠎ᠠ᠃ ᠬᠦᠮᠦᠨ ᠪᠡ ᠴᠢᠨ᠋ᠸ᠎ᠠ᠎ᠨᠢ ᠬᠤᠶᠡᠷ ᠦᠭᠡᠷ᠎ᠠ ᠲᠦᠷᠦᠯᠳᠡᠨ ᠪᠤᠯᠬᠤ ᠲᠤᠯᠠ ᠬᠠᠮᠳᠤ ᠨᠢᠭᠡ ᠲᠠᠢᠰᠡᠨ᠎ᠠ ᠪᠦᠵᠢᠭ᠌ᠯᠡᠬᠦ᠌᠎ᠨᠢ ᠮᠠᠰᠢ ᠶᠡᠭᠡ ᠲᠡᠯᠡᠬᠦ᠌ ᠬᠦᠴᠦᠨ᠎ᠲᠠᠢ ᠪᠤᠶᠤ ᠰᠤᠨᠢᠷᠬᠠᠯᠳᠤ ᠱᠢᠨᠵᠢ᠎ᠲᠠᠢ ᠪᠠᠢᠬᠤ᠎ᠨᠢ ᠳᠠᠮᠵᠢᠭ ᠦᠭᠡᠢ᠃ ᠡᠨᠡ ᠪᠦᠵᠢᠭ᠎ᠲᠤ᠌᠂ ᠴᠢᠨ᠋ᠸ᠎ᠠ ᠭᠠᠷᠴᠤ᠌ ᠢᠷᠠᠬᠦ᠌᠎ᠳᠡᠭᠡᠨ ᠨᠡᠯᠢᠶᠡᠳ ᠵᠡᠷᠯᠢᠭ ᠱᠢᠨᠵᠢ᠎ᠲᠠᠢ ᠪᠠᠢᠳᠠᠭ ᠪᠡ ᠭᠠᠵᠠᠷ᠎ᠲᠤ ᠪᠦᠮᠪᠤᠷᠢᠬᠦ᠂ ᠮᠦᠯᠬᠦᠬᠦ᠂ ᠦᠰᠤᠷᠤᠨ ᠰᠠᠮᠤᠷᠳᠠᠬᠤ ᠵᠡᠷᠭᠡ ᠬᠦᠳᠠᠯᠪᠤᠷᠢ᠎ᠪᠠᠷ ᠠᠮᠢᠳᠡᠨ᠎ᠤ ᠱᠢᠨᠵᠢ᠎ᠪᠠᠨ ᠲᠡᠭᠦᠰ ᠢᠯᠡᠷᠡᠭᠦᠯᠦᠭ᠌ᠰᠡᠨ ᠶᠤᠮ᠃ ᠡᠭᠦᠨ᠎ᠢ ᠮᠦᠨᠴᠤ᠌ ᠴᠢᠨ᠋ᠸ᠎ᠠ᠎ᠶ᠋ᠢᠨ ᠤᠨᠴᠠᠯᠢᠭ᠎ᠲᠠᠢ ᠪᠦᠵᠢᠭ᠎ᠤᠨ ᠦᠭᠡ ᠬᠡᠯᠡ ᠭᠡᠵᠤ ᠦᠵᠡᠵᠤ ᠪᠤᠯᠤᠨ᠎ᠠ᠃ ᠵᠠᠯᠭᠠᠭᠠᠳ ᠪᠦᠵᠢᠭ᠎ᠤᠨ ᠭᠤᠤᠯ ᠲᠤᠭ᠍ᠯᠠᠭ᠍ᠴᠢ ᠪᠤᠯᠬᠤ ᠵᠢᠭᠠᠬᠠᠨ ᠬᠦᠪᠡᠭᠦᠨ ᠭᠠᠷᠴᠤ᠌ ᠢᠷᠡᠳᠡᠭ ᠪᠡ ᠴᠢᠨ᠋ᠸ᠎ᠠ᠎ᠶ᠋ᠢ ᠲᠠᠭᠤᠬᠤ᠂ ᠤᠬᠤᠷᠢᠬᠤ᠂ ᠵᠢᠭᠤᠳᠠᠬᠤ ᠵᠡᠷᠭᠡ ᠬᠦᠳᠡᠯᠦᠯ᠎ᠢᠶᠠᠷ᠎ᠢᠶᠠᠨ ᠴᠢᠨ᠋ᠸ᠎ᠠ᠎ᠶ᠋ᠢᠨ ᠮᠦᠯᠭᠦᠬᠦ᠂ ᠪᠦᠮᠪᠤᠷᠢᠬᠦ᠌ ᠵᠡᠷᠭᠡ ᠬᠦᠳᠡᠯᠤᠯ ᠪᠠᠢᠳᠠᠯ᠎ᠲᠠᠢ ᠬᠠᠷᠢᠯᠴᠠᠨ ᠤᠶᠠᠯᠳᠤᠵᠤ᠂ ᠨᠡᠭᠦᠳᠡᠯᠴᠢᠳ᠎ᠤᠨ ᠬᠤᠢᠴᠢᠰ ᠪᠤᠯᠬᠤ ᠦᠷ᠎ᠠ ᠬᠡᠥᠭᠡᠳ ᠎ᠤᠳ ᠬᠡᠷᠬᠢᠨ ᠪᠤᠳᠠᠳᠤ ᠦᠢᠯᠡᠳᠦᠯᠭᠡ᠎ᠶ᠋ᠢᠨ ᠲᠤᠮᠳᠡ ᠶᠠᠭᠤᠮ᠎ᠠ᠎ᠶ᠋ᠢ ᠠᠵᠢᠭ᠍ᠯᠠᠬᠤ᠂ ᠰᠤᠷᠬᠤ᠂ ᠲᠡᠮᠡᠴᠡᠯ᠎ᠤᠨ ᠵᠤᠷᠢᠭ ᠰᠦᠰᠤ᠎ᠪᠠᠨ ᠪᠤᠯᠪᠠᠰᠤᠷᠠᠭᠤᠯᠬᠤ ᠵᠡᠷᠭᠡ ᠠᠰᠠᠭᠤᠳᠡᠯ᠎ᠢ ᠭᠦᠨᠳᠡᠵᠤ ᠭᠠᠷᠭᠠᠭ᠍ᠰᠠᠨ ᠪᠠᠢᠨ᠎ᠠ᠃ ᠡᠢᠮᠤᠷᠬᠦᠤ ᠬᠦᠮᠦᠨ᠂ ᠴᠢᠨ᠋ᠸ᠎ᠠ ᠨᠢᠭᠡ ᠤᠷᠤᠨ ᠵᠠᠢ᠎ᠳᠤ ᠬᠠᠯᠵᠠ ᠲᠤᠯᠭᠠᠷᠡᠨ ᠤᠴᠠᠷᠠᠬᠤ᠂ ᠬᠠᠷᠢᠯᠴᠠᠨ ᠰᠡᠷᠭᠡᠢᠯᠡᠬᠦ᠌ ᠪᠡ ᠲᠡᠮᠡᠴᠡᠯᠳᠦᠬᠦ᠌᠎ᠨᠢ ᠮᠤᠩᠭᠤᠯᠴᠤᠳ᠎ᠤᠨ ᠠᠮᠢᠳᠤᠷᠡᠯ᠎ᠳᠤ ᠪᠠᠢᠩᠭᠤ ᠲᠤᠬᠢᠶᠠᠯᠳᠤᠳᠠᠭ ᠶᠠᠪᠤᠳᠡᠯ ᠪᠤᠯᠬᠤ ᠪᠦᠭᠡᠳ ᠬᠦᠳᠡᠭᠡ ᠰᠤᠶᠤᠯ᠎ᠤᠨ ᠵᠠᠢᠯᠠᠵᠤ ᠪᠤᠯᠤᠰᠢ ᠦᠭᠡᠢ ᠰᠡᠳᠦᠪ ᠪᠤᠯᠬᠤ ᠶᠤᠮ᠃ ᠡᠨᠡ ᠪᠦᠵᠢᠭ᠎ᠲᠤ ᠢᠩᠭᠢᠵᠤ ᠬᠡᠥᠭᠡᠳ ᠪᠡ ᠴᠢᠨ᠋ᠸ᠎ᠠ᠎ᠶ᠋ᠢ ᠬᠠᠮᠳᠤ ᠪᠦᠵᠢᠭ᠌ᠯᠡᠭᠦᠯᠬᠦ᠌᠎ᠪᠠᠷ ᠲᠠᠮᠵᠢᠨ ᠬᠤᠳᠠᠴᠢᠯᠠᠭ᠍ᠰᠠᠨ ᠤᠷᠴᠢᠨ᠎ᠳᠠᠬᠢ ᠬᠡᠥᠭᠡᠳ᠎ᠤᠨ ᠬᠦᠮᠦᠵᠢᠯ᠎ᠤᠨ ᠲᠤᠳᠠᠭ᠍ᠳᠠᠯ᠎ᠲᠠᠢ ᠲᠠᠯ᠎ᠠ ᠪᠤᠶᠤ ᠬᠢᠮᠡᠯ ᠤᠷᠴᠢᠨ᠎ᠳᠠᠬᠢ ᠬᠢᠮᠡᠯ ᠲᠤᠭ᠍ᠯᠠᠭᠠᠮ᠎ᠤᠨ ᠪᠠᠭᠠᠵᠢ᠎ᠪᠠᠷ ᠱᠢᠢᠳᠪᠤᠷᠢᠯᠡᠵᠤ ᠡᠰᠡ ᠲᠠᠢᠯᠬᠦ᠌ ᠰᠤᠷᠭᠠᠨ ᠬᠦᠮᠦᠵᠢᠯ᠎ᠤᠨ ᠠᠰᠠᠭᠤᠳᠡᠯ᠎ᠢ ᠭᠦᠨᠳᠡᠵᠤ᠂ ᠲᠡᠭᠦᠨ᠎ᠢ ᠢᠯᠡᠵᠤ ᠭᠠᠷᠬᠤ ᠭᠡᠰᠡᠨ ᠭᠦᠨᠵᠡᠭᠡᠢ ᠰᠠᠨᠠᠭ᠎ᠠ᠎ᠶ᠋ᠢ ᠨᠢᠭᠤᠴᠠᠯᠠᠭ᠍ᠰᠠᠨ ᠶᠤᠮ᠃

ᠬᠤᠶᠠᠳᠤᠭᠠᠷ ᠪᠦᠯᠦᠭ᠎ᠲᠤ ᠨᠢᠭᠡ ᠬᠦᠪᠡᠭᠦᠨ ᠪᠡ ᠤᠯᠠᠨ ᠴᠢᠨ᠋ᠸ᠎ᠠ ᠵᠠᠭᠤᠷᠠᠯᠳᠤᠨ ᠪᠦᠵᠢᠭ᠌ᠯᠡᠵᠤ᠂ ᠠᠭᠤᠷ ᠠᠮᠢᠰᠭᠤᠯ ᠨᠡᠩ ᠪᠠᠴᠢᠮ ᠲᠠᠪᠴᠢᠭᠤ᠂ ᠠᠶ᠎ᠠ ᠭᠦᠭ᠌ᠵᠢᠮ᠎ᠨᠢ ᠨᠡᠩ ᠢᠳᠡᠯᠢᠭ᠂ ᠤᠷᠠᠯᠢᠭ᠎ᠤᠨ ᠬᠡᠪ ᠨᠠᠮᠪᠡ᠎ᠨᠢ ᠨᠡᠩ ᠰᠦᠷ ᠲᠠᠯᠠᠢᠴᠠᠳᠡᠢ ᠪᠤᠯᠤᠭ᠍ᠰᠠᠨ ᠪᠠᠢᠨ᠎ᠠ᠃ ᠤᠯᠠᠨ ᠴᠢᠨ᠋ᠸ᠎ᠠ᠎ᠶ᠋ᠢᠨ ᠨᠢᠭᠡᠳᠦᠯᠳᠡᠢ ᠬᠦᠳᠡᠯᠭᠡᠭᠡᠨ᠂ ᠬᠦᠭ᠌ᠵᠢᠮ᠎ᠤᠨ ᠠᠶᠠᠯᠭᠤᠨ᠎ᠤ ᠲᠤᠮᠳᠡᠬᠢ ᠴᠢᠨ᠋ᠸ᠎ᠠ᠎ᠶ᠋ᠢᠨ ᠤᠯᠢᠯᠳᠡ ᠪᠡ ᠬᠦᠮᠦᠨ ᠴᠢᠨ᠋ᠸ᠎ᠠ᠎ᠶ᠋ᠢᠨ ᠬᠠᠮᠰᠡᠷᠡᠯ ᠬᠦᠳᠡᠯᠭᠡᠭᠡᠨ᠎ᠢᠶᠠᠷ ᠲᠠᠮᠵᠢᠭᠤᠯᠤᠨ ᠴᠢᠨ᠋ᠸ᠎ᠠ᠎ᠶ᠋ᠢᠨ ᠰᠦᠷᠦᠭ᠎ᠤᠨ ᠪᠦᠯᠭᠦᠮᠳᠡᠯ ᠨᠢᠭ᠍ᠳᠠᠷᠡᠯ ᠂ ᠬᠠᠮᠳᠤ᠎ᠶ᠋ᠢᠨ ᠠᠵᠢᠯᠯᠠᠭ᠎ᠠ᠂ ᠰᠦᠰᠤ ᠵᠤᠷᠢᠭ ᠪᠡ ᠤᠶᠤᠨ ᠤᠬᠠᠭᠠᠨ᠎ᠢ ᠲᠤᠪᠤᠢᠯᠭᠠᠵᠤ᠂ ᠨᠡᠭᠦᠳᠡᠯᠴᠢᠨ ᠦᠨᠳᠦᠰᠦᠳᠡᠨ᠎ᠤ ᠨᠢᠭᠡ ᠪᠤᠯᠬᠤ ᠮᠤᠩᠭᠤᠯᠴᠤᠳ᠎ᠬᠡᠷᠬᠢᠨ ᠡᠬᠡ ᠪᠠᠢᠭᠠᠯᠢ ᠬᠢᠭᠡᠳ ᠠᠮᠢᠳᠡᠨ ᠠᠷᠢᠶᠠᠳᠡᠨ᠎ᠠᠴᠠ ᠤᠬᠠᠭᠠᠨ ᠰᠤᠷᠴᠤ᠌᠂ ᠪᠠᠢᠭᠠᠯᠢ᠎ᠶ᠋ᠢᠨ ᠠᠯᠢᠪᠡ ᠤᠷᠤᠱᠢᠬᠤᠢ᠎ᠯᠤᠭ᠎ᠠ ᠵᠤᠬᠢᠴᠠᠯᠳᠤᠨ ᠤᠷᠤᠱᠢᠵᠤ ᠴᠢᠳᠠᠭ᠍ᠰᠠᠨ ᠤᠴᠢᠷ ᠱᠢᠯᠳᠠᠭᠠᠨ᠎ᠢ ᠤᠷᠠᠯᠢᠭ᠎ᠢᠶᠠᠷ ᠢᠯᠡᠷᠡᠭᠦᠯᠦᠨ ᠭᠠᠷᠭᠠᠵᠠᠢ ᠃

ᠭᠤᠷᠪᠠᠳᠤᠭᠠᠷ ᠪᠦᠯᠦᠭ᠎ᠲᠤ ᠴᠢᠨ᠋ᠸ᠎ᠠ ᠪᠤᠯᠤᠨ ᠭᠡᠦᠭᠡᠳ᠎ᠤᠨ ᠬᠠᠮᠳᠤ᠎ᠶ᠋ᠢᠨ ᠪᠦᠵᠢᠭ᠌ᠯᠡᠯ᠎ᠢᠶᠠᠷ ᠲᠠᠮᠵᠢᠭᠤᠯᠤᠨ᠂ ᠬᠦᠮᠦᠨ ᠲᠦᠷᠦᠯᠬᠢᠳᠡᠨ ᠪᠡ ᠠᠷᠢᠶᠠᠳᠠᠨ ᠠᠮᠢᠳᠠᠨ ᠬᠠᠮᠳᠤ ᠤᠷᠤᠱᠢᠬᠤ᠂ ᠢᠯᠠᠩᠭᠤᠶ᠎ᠠ ᠤᠳᠤᠬᠢᠴᠢᠯᠠᠭ᠍ᠰᠠᠨ ᠤᠷᠴᠢᠨ᠂ ᠬᠤᠳᠠ᠎ᠶ᠋ᠢᠨ ᠤᠷᠴᠢᠨ᠎ᠳᠠᠬᠢ ᠬᠦᠮᠦᠨ ᠲᠦᠷᠦᠯᠬᠢᠳᠡᠨ᠎ᠬᠡᠷᠬᠢᠨ ᠡᠬᠡ ᠪᠠᠢᠭᠠᠯᠢ᠎ᠠᠴᠠ ᠰᠤᠷᠬᠤ᠂ ᠪᠠᠢᠭᠠᠯᠢ᠎ᠶ᠋ᠢᠨ ᠲᠤᠬᠠᠢ ᠪᠤᠳᠠᠳᠤ ᠰᠡᠷᠡᠭ᠌ᠳᠡᠯ ᠪᠡ ᠪᠤᠳᠠᠳᠤ ᠲᠤᠷᠱᠢᠯᠭ᠎ᠠ᠎ᠶ᠋ᠢ ᠪᠤᠢ ᠪᠤᠯᠭᠠᠬᠤ ᠪᠤᠢ ? ᠭᠡᠳᠡᠭ ᠴᠢᠬᠤᠯᠠ ᠠᠰᠠᠭᠤᠳᠡᠯ᠎ᠢ ᠦᠵᠡᠭ᠌ᠴᠢᠳ᠎ᠤᠨ ᠡᠮᠦᠨ᠎ᠠ ᠲᠡᠯᠭᠡᠨ ᠦᠵᠡᠭᠦᠯᠦᠭ᠌ᠰᠡᠨ ᠪᠠᠢᠨ᠎ᠠ᠃ ᠡᠢᠮᠤᠷᠬᠦᠤ ᠤᠳᠭ᠎ᠠ ᠰᠠᠨᠠᠭ᠎ᠠ᠎ᠶ᠋ᠢ ᠢᠯᠡᠳᠭᠡᠬᠦ᠌᠎ᠳᠡᠭᠡᠨ ᠭᠤᠤᠯᠳᠠᠭᠤ ᠤᠬᠠᠮᠵᠢ ᠪᠡ ᠰᠡᠭᠡᠭᠡᠷᠡᠯ ᠭᠡᠬᠦ᠌ ᠭᠤᠤᠯ ᠰᠠᠨᠠᠭ᠎ᠠ᠎ᠪᠠᠨ ᠠᠳᠭᠤᠵᠤ᠂ ᠭᠡᠦᠭᠡᠳ ᠪᠡ ᠤᠯᠠᠨ ᠴᠢᠨ᠋ᠸ᠎ᠠ᠎ᠶ᠋ᠢᠨ ᠬᠠᠷᠢᠯᠴᠠᠨ ᠠᠵᠢᠭ᠍ᠯᠠᠬᠤ ᠪᠡ ᠲᠠᠭᠤᠷᠢᠶᠠᠬᠤ᠂ ᠬᠠᠷᠢᠯᠴᠠᠨ ᠠᠭᠤᠰᠤᠯᠴᠠᠬᠤ ᠵᠡᠷᠭᠡ ᠲᠦᠷᠰᠦᠯᠡᠯᠳᠤ ᠬᠦᠳᠡᠯᠭᠡᠭᠡᠨ ᠵᠢᠴᠢ ᠲᠠᠪᠰᠡᠯᠳᠡ᠂ ᠲᠡᠪᠭᠡᠷᠤᠯᠳᠡ ᠵᠡᠷᠭᠡ ᠴᠤᠭ᠍ᠯᠢᠭ ᠬᠦᠳᠡᠯᠭᠡᠭᠡᠨ᠎ᠢᠶᠠᠷ ᠰᠦᠷ ᠰᠦᠯᠳᠡ ᠭᠡᠬᠦ᠌ ᠬᠡᠢᠰᠪᠤᠷᠢ ᠰᠠᠨᠠᠭ᠎ᠠ᠎ᠶ᠋ᠢ ᠲᠦᠷᠢᠵᠢᠭᠦᠯᠦᠨ ᠢᠯᠡᠷᠡᠭᠦᠯᠵᠤ᠂ ᠡᠷ᠎ᠠ ᠵᠤᠷᠢᠭ᠎ᠢ ᠮᠠᠭ᠍ᠳᠠᠨ ᠲᠠᠭᠤᠯᠠᠬᠤ᠂ ᠡᠷᠡᠭ᠌ᠳᠡᠢᠴᠤᠳ᠎ᠢ ᠡᠷ᠎ᠠ ᠬᠦᠮᠦᠨ᠎ᠤ ᠰᠦᠷ ᠰᠦᠯᠳᠡ᠎ᠲᠠᠢ ᠪᠤᠯᠭᠠᠨ ᠬᠦᠮᠦᠵᠢᠭᠦᠯᠬᠦ᠌ ᠭᠡᠰᠡᠨ ᠭᠤᠤᠯ ᠰᠡᠳᠦᠪ᠎ᠲᠡᠭᠡᠨ ᠦᠢᠯᠡᠴᠢᠯᠡᠭᠦᠯᠦᠭ᠌ᠰᠡᠨ ᠪᠠᠢᠨ᠎ᠠ᠃ ᠬᠠᠮᠤᠭ ᠰᠡᠭᠦᠯ᠎ᠳᠤ ᠬᠦᠮᠦᠨ᠂ ᠴᠢᠨ᠋ᠸ᠎ᠠ ᠨᠢᠭᠡ ᠴᠤᠭ᠍ᠴᠠ ᠪᠤᠯᠵᠦ᠍ ᠭᠠᠷ᠎ᠤᠨ ᠳᠠᠪᠤᠨ ᠬᠤᠷᠤᠭᠤ᠎ᠪᠠᠨ ᠳᠠᠯᠭᠡᠨ ᠬᠠᠮᠳᠤ᠎ᠶ᠋ᠢᠨ ᠳᠦᠷᠰᠤ᠎ᠶ᠋ᠢ ᠪᠦᠳᠦᠭᠡᠭ᠌ᠰᠡᠨ᠎ᠨᠢ ᠪᠦᠵᠢᠭ᠎ᠤᠨ ᠤᠷᠬᠢᠯ ᠪᠤᠯᠤᠭ᠍ᠰᠠᠨ ᠪᠦᠭᠡᠳ ᠪᠠᠰᠠᠴᠤ᠌ ᠬᠦᠮᠦᠨ ᠪᠡ ᠠᠮᠢᠳᠡᠨ᠎ᠤ ᠤᠶᠤᠨ ᠤᠬᠠᠭᠠᠨ ᠨᠢᠭᠡᠳᠴᠤ᠌ ᠨᠡᠢᠯᠡᠭ᠌ᠰᠡᠨ ᠭᠡᠬᠦ᠌ ᠦᠷ᠎ᠠ ᠳ᠋ᠦᠩ᠎ᠢ ᠮᠡᠳᠡᠷᠡᠭᠦᠯᠦᠭ᠌ᠰᠡᠨ ᠶᠤᠮ ᠃

ᠪᠦᠵᠢᠭ᠎ᠤᠨ ᠰᠡᠳᠭᠢᠮᠵᠢ᠎ᠠᠴᠠ ᠭᠠᠳᠠᠨ᠎ᠠ ᠲᠤᠰ ᠪᠦᠵᠢᠭ᠎ᠤ᠋ᠨ ᠬᠤᠪᠴᠠᠰᠤᠨ᠎ᠤ ᠳᠦᠰᠤᠪᠯᠠᠯ ᠮᠦᠨ ᠪᠦᠵᠢᠭ᠎ᠤᠨ᠎ᠢᠶᠠᠨ ᠤᠳᠭ᠎ᠠ ᠰᠠᠨᠠᠭ᠎ᠠ᠎ᠵᠢ ᠢᠯᠡᠷᠡᠭᠦᠯᠬᠦ᠌᠎ᠳᠤ ᠤᠢᠯᠡᠴᠢᠯᠡᠵᠤ ᠴᠢᠳᠠᠵᠠᠢ᠃ ᠲᠠᠷᠤᠢ ᠭᠤᠸ᠎ᠠ ᠦᠵᠠᠰᠭᠦᠯᠠᠩᠳᠤ ᠴᠠᠩᠭᠡᠷ ᠦᠩᠭᠡ᠎ᠶ᠋ᠢ ᠠᠱᠢᠭ᠍ᠯᠠᠨ ᠡᠮᠤᠰᠭᠡᠯ ᠬᠤᠪᠴᠠᠰᠤ ᠳᠤᠬᠢᠷᠠᠭᠤᠯᠵᠦ᠍ ᠂ ᠬᠤᠪᠴᠠᠰᠤᠨ᠎ᠤ ᠳᠠᠯᠤ ᠮᠦᠷᠤ ᠬᠢᠭᠡᠳ ᠰᠤᠭᠤ᠎ᠶ᠋ᠢ ᠲᠠᠭᠠᠭᠤᠯᠤᠨ ᠦᠰᠤ ᠨᠤᠤᠰᠤ᠎ᠶ᠋ᠢ ᠦᠵᠡᠭ᠌ᠳᠠᠮ᠎ᠠ ᠰᠠᠢᠬᠠᠨ ᠵᠤᠬᠢᠴᠠᠭᠤᠯᠤᠭ᠍ᠰᠠᠠ ᠪᠡ ᠳᠤᠯᠤᠭᠠᠢ᠎ᠶ᠋ᠢᠨ ᠪᠤᠭᠤᠯᠳᠠ ᠵᠠᠰᠠᠯ᠎ᠳᠤ ᠴᠤ᠌ ᠦᠰᠤ ᠨᠤᠤᠰᠤ ᠲᠤᠬᠢᠷᠠᠭᠤᠯᠵᠤ ᠵᠠᠩᠬᠢᠳᠤᠭ᠍ᠰᠠᠠ᠎ᠨᠢ ᠬᠦᠮᠦᠨ ᠪᠡ ᠠᠮᠢᠳᠡᠨ᠎ᠤ ᠤᠶᠠᠯᠳᠤᠯ ᠭᠡᠬᠦ᠌ ᠰᠡᠳᠦᠪ᠎ᠲᠡᠭᠡᠨ ᠵᠤᠬᠢᠴᠠᠵᠤ ᠴᠢᠳᠠᠭ᠍ᠰᠠᠨ ᠪᠠᠢᠨ᠎ᠠ᠃ ᠪᠦᠵᠢᠭ᠎ᠤᠨ ᠳ᠋ᠧᠩ᠎ᠤᠨ ᠭᠡᠷᠠᠯᠳᠤᠬᠦᠯᠭᠡ᠂ ᠳᠠᠢᠰᠠᠨ᠎ᠤ ᠦᠵᠠᠮᠵᠢ᠎ᠶ᠋ᠢᠨ ᠳᠤᠬᠢᠷᠠᠭᠤᠯᠤᠯᠳᠠ᠎ᠨᠢ ᠮᠦᠨ ᠦᠪᠡᠷ᠎ᠤᠨ ᠭᠡᠰᠡᠨ ᠤᠨᠴᠠᠯᠢᠭ᠎ᠲᠠᠢ ᠶᠤᠮ᠃ ᠡᠬᠢᠯᠡᠬᠦ᠌᠎ᠳᠡᠭᠡᠨ ᠪᠦᠳᠠᠬᠢ᠂ ᠲᠠᠷᠠᠭ᠎ᠠ᠎ᠨᠢ ᠬᠠᠷᠠᠩᠭᠤᠢ᠎ᠠᠴᠠ ᠭᠡᠭᠡᠨ ᠰᠠᠷᠠᠭᠤᠯ ᠵᠦᠭ ᠱᠢᠯᠵᠢᠭ᠌ᠰᠡᠨ ᠳᠤᠬᠢᠷᠠᠭᠤᠯᠤᠯᠳᠠ᠎ᠨᠢ ᠪᠦᠵᠢᠭ᠎ᠤᠨ ᠤᠳᠭ᠎ᠠ ᠰᠠᠨᠠᠭ᠎ᠠ᠎ᠳᠠᠭᠠᠨ ᠲᠤᠬᠢᠷᠠᠭ᠍ᠰᠠᠨ ᠪᠦᠭᠡᠳ ᠳᠤᠰᠭᠠᠢᠵᠢᠭ᠍ᠰᠠᠠ ᠱᠢᠰᠲ᠋ᠧᠮᠵᠢᠭ᠌ᠰᠡᠠ ᠤᠷᠠᠯᠢᠭ᠎ᠤᠨ ᠲᠠᠢᠰᠡᠨ᠎ᠤ ᠮᠡᠷᠭᠡᠵᠢᠯ ᠪᠡ ᠪᠦᠵᠢᠭ᠎ᠤᠨ ᠨᠢᠭ᠍ᠳᠠ ᠴᠢᠩᠭ᠎ᠠ ᠪᠦᠳᠦᠴᠡ᠎ᠶ᠋ᠢ ᠴᠤ᠌ ᠲᠤᠰᠭᠠᠵᠤ ᠴᠢᠳᠠᠭ᠍ᠰᠠᠨ ᠪᠠᠢᠨ᠎ᠠ᠃

ᠪᠠᠰᠨ ᠬᠡᠯᠡᠪᠡᠯ᠂ ᠠᠶᠠᠯᠭᠤ᠎ᠶ᠋ᠢᠨ ᠵᠤᠬᠢᠴᠠᠭᠤᠯᠤᠯᠳᠠ᠎ᠨᠢ ᠳᠦᠬᠦᠮ ᠤᠬᠤᠷᠬᠠᠨ ᠪᠤᠯᠪᠠᠴᠤ᠌ ᠢᠳᠡᠯᠢᠭ ᠬᠦᠴᠦᠳᠡᠢ ᠪᠠᠢᠵᠤ ᠪᠦᠵᠢᠭ᠎ᠤᠨ ᠬᠦᠳᠠᠯᠭᠡᠭᠡᠨ᠎ᠢᠶᠠᠨ ᠢᠯᠠᠳᠭᠡᠬᠦ᠌᠎ᠳᠤ ᠮᠠᠰᠢ ᠳᠤᠬᠢᠷᠠᠮᠵᠢᠳᠠᠢ ᠪᠤᠯᠤᠭ᠍ᠰᠠᠠ ᠪᠠᠢᠨ᠎ᠠ᠃ ᠵᠢᠱ᠌ᠢᠶᠠᠯᠠᠪᠠᠯ ᠭᠡᠦᠭᠡᠳ᠎ᠤᠨ ᠬᠦᠶᠤᠬᠦ᠌ ᠬᠦᠳᠠᠯᠪᠤᠷᠢ᠂ ᠴᠢᠨ᠋ᠸ᠎ᠠ᠎ᠶ᠋ᠢᠨ ᠭᠠᠵᠠᠷ᠎ᠲᠤ ᠮᠦᠯᠬᠦᠬᠦ᠂ ᠦᠰᠤ᠎ᠪᠠᠨ ᠰᠠᠵᠢᠯᠠᠨ ᠰᠠᠭ᠍ᠰᠠᠯᠵᠠᠭᠤᠯᠬᠤ᠂ ᠮᠦᠯᠬᠦᠵᠦ᠍ ᠪᠦᠵᠢᠭ᠌ᠯᠡᠬᠦ᠌᠎ᠳᠤ ᠲᠤᠬᠢᠷᠠᠮᠵᠢᠳᠡᠢ ᠪᠦᠭᠡᠳ ᠪᠠᠰᠠ ᠠᠶᠤᠩᠭᠤᠷᠢᠳᠤ ᠰᠡᠳᠭᠢᠯᠭᠡ ᠵᠢ ᠡᠭᠦᠰᠭᠡᠵᠤ ᠪᠤᠯᠬᠤᠢᠴᠡ 《ᠭᠦᠩ ᠭᠦᠩ ᠭᠦᠩ》 ᠭᠡᠰᠡᠨ ᠠᠶ᠎ᠠ ᠭᠦᠭ᠌ᠵᠢᠮ᠎ᠢ ᠤᠶᠠᠰᠭᠠᠵᠤ᠂ ᠡᠷ᠎ᠠ ᠵᠤᠷᠢᠭ ᠭᠡᠳᠡᠭ ᠮᠠᠨᠢ ᠠᠶᠤᠯᠳᠤ ᠤᠷᠴᠢᠨ᠎ᠳᠤ ᠡᠰᠡᠷᠬᠦᠯᠡᠬᠦ᠌ ᠵᠤᠷᠢᠭ ᠰᠠᠨᠠᠭ᠎ᠠ᠎ᠲᠠᠢ ᠨᠢᠭ᠍ᠳᠠ ᠬᠤᠯᠪᠤᠭ᠎ᠠ᠎ᠲᠠᠢ ᠪᠠᠢᠳᠠᠭ ᠲᠤᠬᠠᠢ ᠳᠠᠮ᠎ᠢᠶᠠᠷ ᠮᠡᠳᠡᠷᠡᠬᠦᠯᠵᠡᠢ᠃

ᠲᠡᠭᠡᠷᠠᠬᠢ ᠮᠡᠳᠤ᠎ᠪᠠᠷ 《ᠴᠢᠨ᠋ᠸ᠎ᠠ ᠪᠡ ᠬᠡᠤᠭᠡᠳ》 ᠭᠡᠬᠦ᠌ ᠪᠦᠵᠢᠭ᠎ᠨᠢ ᠬᠦᠮᠦᠨ ᠪᠡ ᠠᠮᠢᠳᠡᠨ᠎ᠤ ᠬᠠᠮᠳᠤ᠎ᠶ᠋ᠢᠨ ᠬᠦᠳᠡᠯᠭᠡᠭᠡᠨ᠂ ᠠᠶ᠎ᠠ ᠬᠦᠭ᠌ᠵᠢᠮ᠎ᠤᠨ ᠬᠠᠮᠰᠡᠷᠡᠯ ᠨᠦᠯᠦᠭᠡ᠎ᠶ᠋ᠢ ᠠᠱᠢᠭ᠍ᠯᠠᠨ᠂ ᠬᠦᠮᠦᠨ ᠲᠦᠷᠦᠯᠬᠢᠳᠡᠨ᠎ᠳᠤ ᠲᠤᠯᠭᠠᠷᠠᠵᠤ ᠪᠦᠬᠦᠢ᠂ ᠬᠦᠤᠴᠤᠤᠯ᠎ᠤᠨ ᠴᠤᠭ ᠰᠦᠯᠳᠡ᠎ᠶ᠋ᠢ ᠬᠡᠷᠬᠢᠨ ᠪᠠᠳᠠᠷᠠᠭᠠᠬᠤ᠂ ᠬᠡᠷᠬᠢᠨ ᠤᠯᠠᠮᠵᠢᠯᠠᠬᠤ ᠠᠰᠠᠭᠤᠳᠠᠯ᠎ᠢ ᠪᠤᠳᠠᠳᠠᠢ ᠨᠢᠭᠡ ᠪᠦᠵᠢᠭ᠎ᠢᠶᠠᠷ ᠲᠤᠷᠠᠳᠤᠨ ᠭᠠᠷᠭᠠᠵᠤ᠂ ᠦᠵᠡᠭ᠌ᠴᠢᠳ᠎ᠢ ᠰᠡᠩᠭᠡᠷᠡᠭᠦᠯᠦᠭ᠌ᠰᠡᠨ ᠪᠦᠭᠡᠳ ᠴᠢᠨ᠋ᠸ᠎ᠠ᠎ᠠᠴᠠ ᠰᠤᠷᠬᠤ᠂ ᠪᠤᠳᠠᠳᠤ ᠦᠢᠯᠡᠳᠦᠯᠭᠡ᠎ᠶ᠋ᠢᠨ ᠲᠤᠮᠳᠡ ᠰᠤᠷᠬᠤ ᠵᠡᠷᠭᠡ ᠪᠤᠳᠠᠳᠠᠢ ᠠᠷᠭ᠎ᠠ ᠵᠠᠮ᠎ᠢ ᠬᠠᠢᠨ ᠰᠦᠪᠡᠭ᠌ᠴᠢᠯᠡᠭ᠌ᠰᠡᠨ ᠪᠠᠢᠨ᠎ᠠ᠃ ᠲᠡᠢᠮᠦ᠍᠎ᠠᠴᠠ ᠡᠨᠡ ᠪᠦᠵᠢᠭ᠎ᠨᠢ ᠡᠷ᠎ᠠ ᠬᠦᠮᠦᠨ᠎ᠤ ᠰᠦᠯᠳᠡ ᠭᠡᠢᠮᠤᠷᠢ᠎ᠪᠠᠨ ᠰᠠᠷᠬᠦᠭᠡᠨ ᠬᠦᠪᠴᠢᠯᠠᠵᠦ᠍᠂ ᠡᠷᠴᠢ ᠵᠤᠷᠢᠭ᠎ᠢᠶᠠᠨ ᠪᠠᠳᠠᠷᠠᠭᠤᠯᠬᠤ ᠪᠡ ᠪᠤᠳᠠᠳᠤ ᠦᠢᠯᠡᠳᠦᠯᠭᠡ᠎ᠳᠤ ᠤᠷᠤᠯᠴᠠᠵᠤ ᠤᠶᠤᠨ ᠴᠢᠳᠠᠪᠤᠷᠢ᠎ᠪᠠᠨ ᠪᠤᠯᠪᠠᠰᠤᠷᠠᠭᠤᠯᠬᠤ ᠲᠤᠬᠠᠢ ᠨᠢᠭᠡ ᠤᠳᠠᠭᠠᠨ᠎ᠤ ᠰᠤᠷᠢᠯᠳᠠ ᠭᠡᠵᠤ ᠬᠡᠯᠡᠭ᠌ᠰᠡᠨ ᠴᠤ᠌ ᠪᠤᠯᠤᠨ᠎ᠠ᠃

ᠬᠦᠮᠤᠨ ᠳᠦᠷᠤᠯᠬᠢᠳᠠᠨ ᠡᠷᠳᠠ ᠢᠵᠠᠭᠤᠷ᠎ᠠᠴᠠ᠎ᠪᠠᠨ ᠴᠢᠨ᠋ᠸ᠎ᠠ᠎ᠠᠴᠠ ᠠᠮᠢᠳᠤᠷᠠᠬᠤ ᠤᠬᠠᠭᠠᠨ᠂ ᠲᠡᠮᠡᠴᠡᠯ᠎ᠤᠨ ᠠᠷᠭ᠎ᠠ᠎ᠶ᠋ᠢ ᠬᠢᠴᠢᠶᠡᠨ ᠰᠤᠷᠤᠯᠴᠠᠭ᠍ᠰᠠᠨ ᠲᠡᠥᠭᠡ᠎ᠲᠠᠢ᠃ ᠠᠷᠠᠳ᠎ᠤᠨ ᠰᠠᠴᠡᠨ ᠦᠭᠡᠨ᠎ᠳᠤ 《 ᠴᠢᠯᠠᠭᠤ᠎ᠲᠠᠢ ᠭᠠᠵᠠᠷ ᠭᠡᠷ᠎ᠢᠶᠠᠨ ᠪᠠᠷᠢᠵᠦ᠍᠂ ᠴᠢᠨ᠋ᠸ᠎ᠠ᠎ᠲᠠᠢ ᠭᠠᠵᠠᠷ ᠮᠠᠯ᠎ᠢᠶᠠᠨ ᠦᠰᠭᠡ》 ᠭᠡᠳᠡᠭ ᠬᠡᠯᠡᠯᠭᠡ ᠪᠠᠢᠬᠤ ᠪᠦᠭᠡᠳ ᠲᠡᠷᠡ᠎ᠨᠢ ᠭᠠᠭ᠍ᠴᠠ ᠬᠦ᠌ ᠦᠷᠢᠰᠦᠯᠳᠦᠯ ᠪᠡ ᠲᠡᠮᠡᠴᠡᠯ᠎ᠤᠨ ᠳᠤᠮᠳᠡ ᠰᠡᠶᠢ ᠬᠦᠮᠦᠨ᠎ᠤ ᠦᠢᠯᠡ ᠬᠦᠳᠡᠯᠭᠡᠭᠡᠨ᠂ ᠤᠶᠤᠨ ᠤᠬᠠᠭᠠᠨ ᠬᠦᠭ᠌ᠵᠢᠵᠤ ᠴᠢᠳᠠᠬᠤ ᠭᠡᠰᠡᠨ ᠡᠪᠦᠭᠡ ᠲᠡᠭᠡᠳᠤᠰ᠎ᠤᠨ ᠰᠤᠷᠭᠠᠯ ᠪᠤᠯᠬᠤ ᠶᠤᠮ᠃ ᠲᠡᠢᠮᠦ᠍᠎ᠠᠴᠠ ᠲᠤᠰ ᠪᠦᠵᠢᠭ᠎ᠲᠤ ᠴᠢᠨ᠋ᠸ᠎ᠠ᠎ᠶ᠋ᠢᠨ ᠰᠦᠰᠤ ᠵᠤᠷᠢᠭ᠎ᠢ ᠰᠤᠷᠤᠯᠴᠠᠨ ᠤᠬᠠᠭᠠᠵᠢᠨ ᠬᠠᠳᠠᠭᠤᠵᠢᠬᠤ᠂ ᠡᠷᠡᠯᠭᠡᠭ᠌ᠯᠠᠨ ᠴᠢᠷᠮᠠᠢᠬᠤ ᠭᠦᠨ ᠰᠠᠨᠠᠭ᠎ᠠ᠎ᠶ᠋ᠢ ᠨᠢᠭᠤᠴᠠᠯᠠᠵᠤ᠂ ᠤᠷᠠᠯᠢᠭ᠎ᠢᠶᠠᠷ ᠢᠯᠠᠳᠭᠡᠵᠦ᠍ ᠬᠠᠷᠠᠭᠤᠯᠵᠦ᠍ ᠴᠢᠳᠠᠭ᠍ᠰᠠᠨ᠎ᠨᠢ ᠮᠠᠰᠢ ᠶᠡᠭᠡ ᠰᠡᠩᠭᠡᠷᠡᠭᠦᠯᠦᠯ᠎ᠤᠨ ᠠᠴᠢ ᠬᠤᠯᠪᠤᠭ᠍ᠳᠠᠯ᠎ᠲᠠᠢ ᠪᠤᠯᠤᠭ᠍ᠰᠠᠨ ᠶᠤᠮ᠃

ᠲᠤᠰ ᠪᠦᠵᠢᠭ᠎ᠲᠤ ᠪᠠᠰᠠ ᠤᠯᠠᠮᠵᠢᠯᠡᠯᠳᠤ ᠪᠦᠵᠢᠭ ᠪᠡ ᠵᠠᠭᠡᠯᠢ᠎ᠶ᠋ᠢᠨ ᠪᠦᠵᠢᠭ᠂ ᠵᠡᠸᠰ ᠪᠦᠵᠢᠭ (Jazz Dance) ᠵᠡᠷᠭᠡ ᠪᠦᠵᠢᠭ ᠤᠷᠠᠯᠢᠭ᠎ᠢ ᠤᠷᠭᠠᠨᠢᠭ᠎ᠢᠶᠠᠷ ᠠᠭᠤᠰᠭᠠᠵᠤ᠂ ᠱᠢᠨ᠎ᠡ ᠴᠠᠭ᠎ᠤᠨ ᠦᠵᠡᠭ᠌ᠴᠢᠳ᠎ᠤᠨ ᠭᠦᠯᠢᠶᠡᠨ ᠠᠪᠤᠯᠳᠡ᠂ ᠱᠢᠨ᠎ᠡ ᠦᠶ᠎ᠡ᠎ᠶ᠋ᠢᠨ ᠪᠦᠵᠢᠭ ᠤᠷᠠᠯᠢᠭ᠎ᠤᠨ ᠭᠦᠭ᠌ᠵᠢᠯᠳᠡ᠎ᠶ᠋ᠢ ᠬᠠᠷᠠᠭᠤᠯᠤᠭ᠍ᠰᠠᠨ ᠠᠵᠢ᠃ ᠮᠤᠩᠭᠤᠯ ᠪᠦᠵᠢᠭ ᠤᠷᠠᠯᠢᠭ᠎ᠡᠢᠮᠤᠷᠬᠦᠤ ᠪᠤᠳᠠᠳᠤ ᠠᠬᠤᠢᠴᠢ ᠴᠢᠨᠡᠷ᠂ ᠲᠡᠯᠡᠯᠳᠡ᠎ᠲᠠᠢ ᠰᠡᠳᠭᠢᠬᠦᠢ᠂ ᠴᠢᠯᠦᠭᠡᠳᠤ ᠵᠠᠭ᠍ᠪᠤᠷ᠎ᠢᠶᠠᠷ ᠦᠷᠭᠦᠯᠵᠢᠯᠡᠨ ᠬᠦᠭ᠌ᠵᠢᠵᠤ᠂ ᠦᠪᠡᠷ᠎ᠤᠨ ᠭᠡᠰᠡᠨ ᠤᠨᠴᠠᠭᠠᠢ ᠬᠡᠯᠪᠡᠷᠢ᠎ᠪᠠᠷ ᠬᠦᠮᠦᠨ ᠲᠦᠷᠦᠯᠬᠢᠳᠡᠨ᠎ᠤ ᠦᠵᠡᠯ ᠪᠤᠳᠤᠯ᠂ ᠤᠷᠠᠯᠢᠭ᠎ᠤᠨ ᠲᠤᠬᠠᠢ ᠮᠡᠳᠡᠷᠡᠮᠵᠢ᠎ᠶ᠋ᠢ ᠲᠠᠰᠤᠷᠡᠯᠳᠡ ᠦᠭᠡᠢ ᠱᠢᠨᠡᠴᠢᠯᠡᠭ᠌ᠰᠡᠭᠡᠷ ᠪᠤᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号