ᠵᠦᠭᠡᠯᠡᠨ ᠰᠠᠯᠬᠢ ᠰᠡᠪᠢᠯᠵᠡᠭᠡᠳ ᠪᠠᠢᠨ᠎ᠠ
2026-03-18 10:52:30
ᠵᠣᠬᠢᠶᠠᠭ᠍ᠴᠢ᠄
ᠫᠣ᠊·ᠰᠠᠨᠠᠭᠠᠷᠪᠦᠣ
ᠣᠩᠱᠢᠭ᠍ᠰᠠᠨ ᠣᠳᠠᠭ᠎ᠠ᠄
★★★☆☆

   

              (ᠭᠠᠲᠠᠨ᠎ᠠ ᠨᠢᠭᠡ)

ᠵᠡᠭᠦᠳᠦᠯᠡᠬᠦ᠌ ᠰᠡᠷᠡᠬᠦ᠌᠎ᠶ᠋ᠢᠨ ᠢᠯᠳᠠᠮ ᠬᠤᠯᠠᠳᠠᠭᠠᠳ ᠶᠠᠪᠤᠳᠠᠭ᠎ᠨᠢ

ᠵᠡᠭᠦᠨ ᠬᠠᠴᠠᠷ᠎ᠢ ᠮᠢᠨᠢ ᠦᠨᠦᠰᠳᠡᠭ ᠡᠵᠢ ᠮᠢᠨᠢ ᠪᠠᠢᠭ᠎ᠠ

ᠵᠦᠭᠡᠯᠡᠨ ᠵᠦᠭᠡᠯᠡᠨ ᠰᠠᠯᠬᠢ ᠰᠡᠪᠢᠯᠵᠡᠭᠡᠳ ᠪᠠᠢᠨ᠎ᠠ

ᠵᠦᠭᠡᠷ ᠯᠠ ᠪᠣᠰᠤᠭᠠᠳ ᠰᠡᠳᠭᠢᠯ ᠠᠭᠤᠵᠢᠷᠠᠲᠠᠯ᠎ᠠ ᠠᠮᠢᠰᠭᠤᠯᠯᠠᠮᠠᠷ ᠪᠠᠢᠨ᠎ᠠ




ᠪᠠᠶᠠᠷᠯᠠᠬᠤ ᠭᠤᠨᠢᠬᠤ᠎ᠶ᠋ᠢᠨ ᠬᠤᠷᠤᠮ ᠦᠨᠳᠡᠢᠭᠡᠳ ᠦᠭ᠌ᠳᠡᠭ᠎ᠨᠢ

ᠪᠠᠷᠠᠭᠤᠨ ᠬᠠᠴᠠᠷ᠎ᠢ ᠮᠢᠨᠢ ᠦᠨᠦᠰᠳᠡᠭ ᠡᠵᠢ ᠮᠢᠨᠢ ᠪᠠᠢᠭ᠎ᠠ

ᠭᠤᠣᠯ ᠤᠰᠤᠨ᠎ᠤ ᠴᠢᠮᠡᠭᠡ ᠲᠤᠭᠤᠯᠳᠠᠭᠠᠳ ᠪᠠᠢᠨ᠎ᠠ

ᠴᠢᠯᠠᠭᠤᠳ᠎ᠢ᠎ᠨᠢ ᠱᠢᠷᠳᠡᠨ ᠬᠠᠵᠠᠭᠤ᠎ᠳᠤᠨᠢ ᠬᠦᠷᠴᠦ᠍ ᠰᠠᠭᠤᠮᠠᠷ ᠪᠠᠢᠨ᠎ᠠ




ᠦᠭᠡᠢᠯᠡᠬᠦ᠌ ᠳᠤᠷᠠᠰᠭᠤ᠎ᠶ᠋ᠢᠨ ᠦᠶ᠎ᠡ ᠲᠣᠳᠤᠷᠠᠭᠠᠳ ᠢᠷᠡᠳᠡᠭ᠎ᠨᠢ

ᠦᠷᠦᠮ᠎ᠡ ᠬᠦᠭᠡᠷᠦᠭᠦᠯᠦᠨ ᠬᠦᠯᠢᠶᠡᠭ᠌ᠰᠡᠨ ᠡᠵᠢ ᠮᠢᠨᠢ ᠪᠠᠢᠭ᠎ᠠ

ᠭᠠᠯᠠᠭᠤᠨ ᠳᠠᠯᠠᠪᠴᠢ᠎ᠲᠠᠢ ᠬᠠᠪᠤᠷ ᠢᠷᠡᠵᠦ᠍ ᠪᠠᠢᠭ᠎ᠠ

ᠭᠠᠷᠴᠦ᠍ ᠤᠭ᠍ᠲᠤᠭᠠᠳ ᠬᠡᠳᠦᠨ ᠦᠭᠡ᠎ᠲᠠᠢ ᠪᠠᠢᠶ᠎ᠠ




ᠵᠢᠷᠭᠠᠬᠤ ᠵᠣᠪᠠᠭ᠍ᠤ᠎ᠶ᠋ᠢᠨ ᠡᠬᠢᠨ᠎ᠳᠤ ᠵᠢᠷᠢᠯᠵᠡᠭᠡᠳ ᠬᠠᠷᠠᠭ᠍ᠳᠠᠳᠠᠭ᠎ᠨᠢ

ᠵᠠᠶᠠᠭ᠎ᠠ᠎ᠶ᠋ᠢ ᠮᠢᠨᠢ ᠰᠣᠶᠤᠷᠬᠠᠭ᠍ᠰᠠᠨ ᠡᠵᠢ ᠮᠢᠨᠢ ᠪᠠᠢᠭ᠎ᠠ

ᠰᠦᠨᠢ᠎ᠶ᠋ᠢᠨ ᠣᠳᠤᠳ ᠨᠠᠭᠠᠰᠢ ᠴᠠᠭᠠᠰᠢ ᠭᠦᠶᠦᠳᠡᠭ ᠯᠠ ᠪᠠᠢᠭ᠎ᠠ

ᠰᠦᠵᠢᠭ ᠱᠢᠩᠭᠡᠭᠡᠭ᠌ᠰᠡᠨ ᠮᠢᠨᠦ᠍ ᠦᠭᠡᠰ᠎ᠢ ᠰᠣᠨᠤᠰᠭᠠᠵᠦ᠍ ᠪᠠᠢᠭᠠᠷᠠᠢ




ᠳᠥᠷᠪᠡᠨ ᠠᠭᠤᠯᠠ᠎ᠶ᠋ᠢᠨ ᠳᠣᠮᠳᠠ

ᠰᠦᠨᠳᠡᠷᠯᠡᠨ ᠰᠦᠨᠳᠡᠷᠯᠡᠨ ᠬᠠᠷᠠᠭ᠍ᠳᠠᠬᠤ᠎ᠨᠢ

ᠰᠦᠷᠯᠢᠭ ᠦᠨᠳᠦᠷ ᠴᠣᠭ᠍ᠪᠠᠮᠪᠠᠷ ᠡ

ᠰᠦᠵᠢᠭ ᠨᠢᠭᠡᠲᠠᠢ ᠠᠮᠢᠳᠤᠷᠠᠳᠠᠭ᠎ᠨᠢ

ᠮᠠᠨ᠎ᠤ ᠬᠡᠳᠦᠨ ᠠᠢᠯ ᠡ

ᠬᠠᠨᠠᠷᠠᠨ ᠬᠠᠨᠠᠷᠠᠨ ᠯᠦᠭ᠌ᠯᠦᠢᠬᠦ᠌᠎ᠨᠢ

ᠬᠠᠷᠢ᠎ᠳᠤ ᠴᠤᠤᠲᠠᠢ ᠰᠠᠢᠬᠠᠨ ᠬᠠᠨ ᠡ

ᠬᠠᠵᠠᠭᠤ ᠪᠡᠯ᠎ᠳᠤ ᠠᠮᠢᠳᠤᠷᠠᠳᠠᠭ᠎ᠨᠢ

ᠮᠠᠨ᠎ᠤ ᠬᠡᠳᠦᠨ ᠠᠢᠯ ᠡ




ᠬᠦᠨᠳᠡᠯᠢᠰᠦᠨ ᠬᠦᠨᠳᠡᠯᠢᠰᠦᠨ ᠬᠦᠷᠡᠩᠲᠡᠬᠦ᠌᠎ᠨᠢ

ᠬᠥᠬᠡ ᠯᠤᠤ ᠠᠮᠢᠯᠠᠭ᠍ᠰᠠᠨ ᠪᠠᠶᠠᠨ ᠨᠢᠷᠤᠭᠤ ᠡ

ᠬᠦᠨᠳᠡᠢ᠎ᠶ᠋ᠢ᠎ᠨᠢ ᠳᠠᠭᠠᠭᠠᠳ ᠣᠲᠣᠷᠯᠠᠬᠤ᠎ᠨᠢ

ᠬᠦᠷᠱᠢᠯᠡᠵᠦ ᠰᠠᠭᠤᠭ᠍ᠰᠠᠨ ᠮᠠᠨ᠎ᠤ ᠬᠡᠳᠦᠨ ᠠᠢᠯ ᠡ




ᠬᠠᠯᠢᠯ ᠬᠠᠯᠢᠯ ᠬᠠᠳᠠ᠎ᠲᠠᠢ᠎ᠨᠢ

ᠬᠢᠩᠭ᠎ᠠ᠎ᠶ᠋ᠢᠨ ᠨᠢᠷᠤᠭᠤᠨ᠎ᠤ ᠪᠢᠷᠠᠭᠤ ᠬᠠᠳᠠ ᠡ

ᠬᠠᠷᠠᠵᠠᠯᠠᠨ ᠰᠤᠨᠤᠯᠵᠠᠭᠠᠳ ᠤᠷᠤᠰᠭᠤ᠎ᠨᠢ

ᠦᠯᠵᠡᠢᠮᠦᠢ᠍ᠷᠡᠨ ᠭᠤᠣᠯ᠎ᠤᠨ ᠡᠬᠢ ᠡ


ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号