ᠬᠦᠯ ᠭᠠᠷ᠎ᠢᠶᠠᠨ ᠵᠢᠭᠢᠭᠡᠳ
ᠮᠤᠳᠤ ᠬᠦᠯᠦᠷᠡᠨᠡ
ᠬᠦᠮᠦᠰᠭᠡ ᠨᠢᠳᠤ᠎ᠪᠠᠨ ᠬᠦᠲᠡᠯᠭᠡᠭᠡᠳ
ᠨᠠᠭᠤᠷ ᠮᠡᠯᠮᠡᠷᠡᠨ᠎ᠡ
ᠵᠢᠷᠦᠪ ᠵᠠᠷᠤᠪ
ᠵᠡᠷᠭᠡᠯᠭᠡᠨ ᠲᠤᠭ᠍ᠯᠠᠨᠠ
ᠵᠢᠩᠭᠢᠷ ᠴᠢᠩᠭᠢᠷ
ᠱᠢᠪᠠᠭᠤ ᠲᠤᠩᠭᠤᠳᠤᠨ᠎ᠠ
ᠨᠢᠭᠤᠷ᠎ᠢᠶᠠᠨ ᠤᠬᠢᠶᠠᠭᠠᠳ
ᠲᠠᠯ᠎ᠠ ᠴᠡᠩᠬᠡᠷᠳᠤᠨᠠ
ᠨᠢᠳᠤ᠎ᠪᠠᠨ ᠨᠡᠭᠡᠭᠡᠭᠡᠳ
ᠨᠤᠭᠤᠭ᠎ᠠ ᠪᠤᠯᠳᠠᠢᠨᠠ
ᠴᠢᠬᠢ᠎ᠪᠠᠨ ᠲᠡᠯᠲᠡᠢᠭᠡᠳ
ᠬᠤᠷᠠᠭ᠎ᠠ ᠲᠤᠭ᠍ᠯᠠᠨᠠ
ᠴᠢᠮᠡᠭᠡ ᠠᠨᠢᠷᠯᠠᠭᠠᠳ
ᠬᠤᠳᠠᠴᠢ ᠪᠤᠷᠭᠤᠨᠠ
ᠡᠪᠡᠰᠦᠨ᠎ᠤ ᠦᠵᠦᠬᠦᠷ ᠬᠤᠨᠤᠭ᠍ᠰᠠᠨ
ᠱᠢᠭᠦᠲᠡᠷᠢᠶ᠋ᠢᠨ ᠤᠰᠤ ᠬᠢᠯᠲᠠᠭᠠᠨᠠᠨᠠ
ᠠᠭᠤᠯᠠᠨ ᠡᠩᠭᠡᠷ᠎ᠲᠤ ᠮᠦᠯᠬᠦᠭ᠌ᠰᠡᠨ
ᠡᠭᠦᠯᠡᠨ ᠲᠤᠯᠤᠭᠠᠢ ᠦᠡᠲᠡᠢᠨᠡ
ᠴᠡᠴᠡᠭ᠎ᠤᠨ ᠲᠤᠮᠳᠠ ᠰᠦᠯᠵᠢᠯᠳᠦᠭ᠌ᠰᠡᠨ
ᠡᠷᠪᠡᠬᠡᠢ᠎ᠶ᠋ᠢᠨ ᠵᠢᠭᠦᠷ ᠴᠤᠴᠠᠨᠠ
ᠴᠢᠩ ᠬᠠᠢᠷᠠᠳᠤ ᠰᠤᠭ᠍ᠳᠤᠭᠤᠷᠠᠭ᠍ᠰᠠᠨ
ᠴᠡᠭ᠌ᠴᠡᠦᠬᠡᠢᠶ᠋ᠢᠨ ᠲᠠᠭᠤ ᠬᠠᠩᠭᠢᠨᠠᠨ᠎ᠠ
ᠭᠤᠤᠯ᠎ᠤᠨ ᠤᠰᠤᠨ᠎ᠳᠤ ᠢᠵᠢᠯᠢᠱᠢᠭ᠌ᠰᠡᠨ
ᠭᠠᠯᠠᠭᠤ ᠨᠤᠭᠤᠰᠤ ᠭᠠᠩᠭᠠᠨᠠᠨᠠ
ᠭᠤᠤᠯ᠎ᠤᠨ ᠠᠮᠠᠷᠠᠭ᠎ᠲᠠᠢ ᠪᠤᠯᠵᠤᠭ᠍ᠰᠠᠨ
ᠭᠠᠷᠠᠭ᠎ᠤᠨ ᠡᠳᠦᠷ ᠨᠢᠯᠬᠠᠷᠠᠨ᠎ᠠ
ᠨᠤᠭᠤᠭᠠᠨ ᠲᠠᠯᠠᠢ᠎ᠶ᠋ᠢᠨ ᠲᠤᠮᠳᠠ
ᠤᠯᠠᠭᠠᠨ ᠱᠢᠭᠤᠷᠭ᠎ᠠ ᠪᠤᠰᠤᠨ᠎ᠠ
ᠨᠤᠭᠤᠷᠠᠵᠤ ᠤᠨᠠᠭ᠍ᠰᠠᠨ ᠡᠪᠡᠰᠤᠨ᠎ᠠᠴᠠ
ᠲᠤᠭᠤᠷᠠᠢ᠎ᠶ᠋ᠢᠨ ᠤᠷᠤᠮ ᠬᠠᠷᠠᠭ᠍ᠳᠠᠨ᠎ᠠ
ᠰᠤᠷᠭᠤᠭ ᠡᠪᠡᠰᠤᠨ᠎ᠤ ᠦᠨᠦᠷ
ᠰᠤᠭ᠍ᠳᠤᠵᠤ ᠤᠨᠠᠮᠠ ᠰᠡᠩᠭᠢᠨᠡᠨ᠎ᠡ
ᠰᠤᠯᠤᠩᠭ᠎ᠠ ᠡᠭᠦᠯᠡᠨ᠎ᠤ ᠵᠠᠪᠰᠠᠷ
ᠨᠠᠷᠠ ᠱᠢᠨᠡᠬᠡᠨ ᠤᠷᠭᠤᠨ᠎ᠠ
ᠲᠡᠭ᠌ᠷᠢ᠎ᠶ᠋ᠢᠨ ᠦᠩᠭᠡ ᠬᠦᠨᠱᠢᠭᠡᠳ
ᠲᠡᠭᠡ᠎ᠶ᠋ᠢᠨ ᠬᠠᠨ ᠪᠤᠭᠤᠷᠤᠯᠳᠠᠨᠠ
ᠲᠡᠭᠡᠰᠤᠯᠡᠵᠤ ᠪᠤᠴᠠᠬᠤ ᠮᠦᠷᠦᠬᠡᠳᠦᠯ
ᠲᠡᠩᠳᠡᠭᠦᠦ ᠤᠷᠳᠤᠬᠠᠨ ᠰᠠᠨᠠᠭ᠍ᠳᠠᠨ᠎ᠠ
ᠠᠢᠷᠠᠭ ᠨᠠᠢᠷᠠᠭ᠎ᠲᠠᠭᠠᠨ ᠰᠤᠭ᠍ᠳᠤᠭᠠᠳ
ᠠᠩᠭᠢᠷ ᠡᠳᠦᠷ᠎ᠤᠳ ᠤᠷᠤᠰᠤᠨ᠎ᠠ
ᠠᠢᠯ᠎ᠤᠨ ᠪᠠᠷ᠎ᠠ ᠰᠦᠮᠡᠯᠵᠡᠭᠡᠳ
ᠠᠶᠠᠨ᠎ᠤ ᠬᠦᠮᠦᠨ᠎ᠢ ᠠᠷᠭᠠᠳᠠᠨ᠎ᠠ
ᠬᠡᠨ᠎ᠢ ᠬᠦᠯᠢᠶᠡᠭ᠌ᠰᠡᠨ ᠰᠡᠳᠭᠢᠯ
ᠬᠠᠲᠠᠨ᠎ᠤ ᠨᠦᠮᠦᠷᠢ ᠬᠤᠷᠭᠤᠳᠠᠨ᠎ᠠ
ᠬᠡᠯᠡᠵᠤ ᠴᠢᠳᠠᠭ᠍ᠰᠠᠨ ᠦᠭᠡᠢ ᠬᠠᠢᠷ᠎ᠠ
ᠬᠡᠭᠡᠷ᠎ᠡ᠎ᠶ᠋ᠢᠨ ᠰᠠᠯᠬᠢᠨ᠎ᠳᠤ ᠲᠡᠷᠪᠡᠯᠵᠡᠨᠡ
ᠠᠭᠤᠯᠠ
ᠠᠷᠠᠰᠤᠨ ᠤᠤᠵᠢ᠎ᠪᠠᠨ ᠬᠡᠳᠤᠷᠴᠤ᠌
ᠤᠮᠤᠭᠲᠠᠢ ᠵᠤᠭ᠍ᠰᠤᠨ᠎ᠠ
ᠨᠤᠳᠤᠭ᠎ᠤᠨ ᠬᠠᠢᠷ᠎ᠠ᠎ᠪᠠᠨ ᠡᠷᠭᠢᠴᠡᠬᠦᠯᠦᠶᠡ ᠭᠡᠬᠦ᠌᠎ᠳᠤ
ᠰᠡᠭᠦᠷᠡᠰᠦ ᠤᠷᠢᠳ᠎ᠢᠶᠠᠷ ᠬᠠᠩᠭᠢᠨᠠᠨ᠎ᠠ
ᠨᠤᠳᠤᠭ᠎ᠤᠨ ᠨᠠᠢᠷ᠎ᠢᠶᠠᠨ ᠲᠤᠷᠠᠰᠦᠶᠠ ᠬᠡᠭᠦ᠎ᠳᠤ
ᠵᠡᠭᠦᠳᠦ ᠤᠷᠢᠳ᠎ᠢᠶᠠᠷ ᠰᠡᠷᠡᠨ᠎ᠡ
ᠨᠤᠳᠤᠭ᠎ᠤᠨ ᠪᠠᠷ᠎ᠠ᠎ᠪᠠᠨ ᠬᠠᠷᠠᠶ᠎ᠠ ᠭᠡᠬᠦ᠌᠎ᠳᠤ
ᠨᠢᠳᠤ ᠤᠷᠢᠳ᠎ᠢᠶᠠᠷ ᠪᠦᠷᠦᠯᠵᠡᠨᠡ
ᠨᠤᠳᠤᠭ᠎ᠤᠨ ᠲᠠᠭᠤᠤ᠎ᠪᠠᠨ ᠲᠠᠭᠤᠯᠠᠶ᠎ᠠ ᠬᠡᠭᠦ᠎ᠳᠤ
ᠨᠢᠯᠪᠤᠰᠤ ᠤᠷᠢᠳ᠎ᠢᠶᠠᠷ ᠪᠦᠮᠪᠦᠷᠢᠨᠠ