​ ᠲᠤᠰᠤᠨ ᠳ᠋ᠧᠩ᠎ᠤᠨ ᠭᠡᠷᠡᠯ᠎ᠢ ᠦᠮᠦᠭ᠌ᠯᠡᠵᠦ᠍ ᠪᠢᠴᠢᠭ᠌ᠰᠡᠨ ᠱᠢᠯᠦᠭ
2026-03-18 10:54:19
ᠵᠣᠬᠢᠶᠠᠭ᠍ᠴᠢ᠄
ᠵᠠ᠊·ᠷᠢᠨᠴᠢᠨ
ᠣᠩᠱᠢᠭ᠍ᠰᠠᠨ ᠣᠳᠠᠭ᠎ᠠ᠄
★★★☆☆


ᠠᠨᠢᠪᠴᠢᠵᠤ ᠪᠦᠬᠦᠢ ᠲᠤᠰᠤᠨ ᠳ᠋ᠧᠩ᠎ᠤᠨ ᠭᠡᠷᠡᠯ᠎ᠢ ᠦᠮᠦᠭ᠌ᠯᠡᠵᠦ᠍

ᠠᠨᠠᠪᠠᠳ ᠲᠠᠯᠠᠢ᠎ᠶ᠋ᠢᠨ ᠪᠠᠭ᠍ᠳᠠᠭᠠᠮᠵᠢ᠎ᠲᠠᠢ ᠱᠢᠯᠦᠭ ᠪᠢᠴᠢᠨᠡᠮ

ᠠᠷᠳᠠᠢ ᠲᠤᠷᠭ᠎ᠠ᠎ᠶ᠋ᠢᠨ ᠨᠢᠳᠦᠨ ᠱᠢᠭ ᠬᠡᠭᠡᠮᠰᠦᠭ ᠱᠢᠯᠦᠭ ᠪᠢᠴᠢᠨᠡᠮ

ᠠᠳᠤᠭᠤᠨ ᠰᠠᠯᠬᠢ ᠮᠡᠲᠦ ᠠᠶᠠᠯᠭᠤᠳᠤ ᠱᠢᠯᠦᠭ ᠪᠢᠴᠢᠨᠡᠮ




ᠠᠰᠠᠷᠠᠯ᠎ᠤᠨ ᠰᠡᠳᠭᠢᠯ ᠱᠢᠭ ᠲᠤᠰᠤᠨ ᠳ᠋ᠧᠩ᠎ᠤᠨ ᠭᠡᠷᠡᠯ᠎ᠢ ᠱᠢᠷᠳᠡᠵᠦ᠍

ᠠᠷᠰᠢ᠎ᠶ᠋ᠢᠨ ᠬᠤᠮᠬ᠎ᠠ᠎ᠠᠴᠠ ᠠᠰᠭᠠᠷᠠᠬᠤ ᠴᠠᠭ ᠮᠦᠴᠡ ᠱᠢᠭ ᠱᠢᠯᠦᠭ ᠪᠢᠴᠢᠨᠡᠮ

ᠠᠷᠢᠭᠤᠨ ᠬᠠᠳᠠᠨ᠎ᠠᠴᠠ ᠰᠤᠶᠤᠭᠠᠯᠠᠬᠤ ᠬᠠᠰ ᠮᠡᠲᠦ ᠱᠢᠯᠦᠭ ᠪᠢᠴᠢᠨᠡᠮ

ᠠᠲᠠᠷᠭᠠᠳᠤ ᠠᠭᠤᠯᠠᠨ᠎ᠳᠠᠬᠢ ᠰᠦᠳᠦ ᠮᠤᠳᠤᠨ᠎ᠤ ᠮᠦᠴᠢᠷ ᠱᠢᠭ ᠱᠢᠯᠦᠭ ᠪᠢᠴᠢᠨᠡᠮ




ᠡᠬᠦᠯᠡᠰ᠎ᠤᠨ ᠰᠦ ᠱᠢᠭ ᠲᠤᠰᠤᠨ ᠳ᠋ᠧᠩ᠎ᠤᠨ ᠭᠡᠷᠡᠯ᠎ᠢ ᠲᠤᠰᠤᠭᠠᠵᠤ

ᠡᠳᠡᠭᠡᠵᠦ᠍ ᠪᠠᠢᠭ᠎ᠠ ᠡᠬᠡ ᠭᠠᠵᠠᠷ ᠱᠢᠭ ᠱᠢᠯᠦᠭ ᠪᠢᠴᠢᠨᠡᠮ

ᠡᠮᠬᠡᠭ᠌ᠳᠡᠵᠦ᠍ ᠦᠵᠡᠭᠡ ᠦᠭᠡᠢ ᠲᠤᠩᠭᠠᠯᠠᠭ ᠪᠤᠯᠠᠭ ᠱᠢᠭ᠋ ᠱᠢᠯᠦᠭ ᠪᠢᠴᠢᠨᠡᠮ

ᠡᠷ᠎ᠡ ᠪᠤᠷᠤ ᠬᠠᠷᠴᠠᠭᠠᠢ᠎ᠶ᠋ᠢᠨ ᠳᠡᠭᠦᠯᠢᠯᠳᠡ ᠱᠢᠭ ᠱᠢᠯᠦᠭ ᠪᠢᠴᠢᠨᠡᠮ




ᠲᠤᠷᠠᠯᠠᠯ᠎ᠤᠨ ᠲᠡᠮᠳᠡᠭ ᠱᠢᠭ ᠲᠤᠰᠤᠨ ᠳ᠋ᠧᠩ᠎ᠤᠨ ᠭᠡᠷᠡᠯ᠎ᠢ ᠬᠠᠷᠠᠮᠨᠠᠵᠤ

ᠲᠤᠷᠠᠰᠤᠯ ᠮᠦᠷᠦᠭᠡᠳᠦᠯ᠎ᠤᠨ ᠦᠩᠭᠡ᠎ᠲᠠᠢ ᠱᠢᠯᠦᠭ ᠪᠢᠴᠢᠨᠡᠮ

ᠲᠤᠨᠳᠠᠷᠠᠰᠢ ᠦᠭᠡᠢ ᠪᠠᠶᠠᠨ ᠰᠠᠩ ᠱᠢᠭ᠋ ᠱᠢᠯᠦᠭ ᠪᠢᠴᠢᠨᠡᠮ

ᠲᠠᠭᠤᠯᠠᠭᠠᠳ ᠪᠠᠰᠠ ᠤᠬᠢᠯᠠᠭᠠᠳ ᠬᠠᠨᠤᠬᠤ ᠦᠭᠡᠢ᠎ᠶ᠋ᠢᠨ ᠱᠢᠯᠲᠠᠭ ᠱᠢᠭ᠋ ᠱᠢᠯᠦᠭ ᠪᠢᠴᠢᠨᠡᠮ




ᠦᠳᠡᠰᠢ᠎ᠶ᠋ᠢᠨ ᠦᠭᠡ ᠮᠡᠲᠦ ᠲᠤᠰᠤᠨ ᠳ᠋ᠧᠩ᠎ᠤᠨ ᠭᠡᠷᠡᠯ᠎ᠢ ᠱᠢᠯᠭᠡᠭᠡᠵᠦ᠍

ᠦᠯᠢᠭᠡᠷ᠎ᠤᠨ ᠲᠤᠳᠤᠷᠠᠬᠢ ᠦᠯᠢᠭᠡᠷ ᠱᠢᠭ ᠱᠢᠯᠦᠭ ᠪᠢᠴᠢᠨᠡᠮ

ᠦᠯᠡᠮᠵᠢ᠎ᠶ᠋ᠢᠨ ᠴᠢᠨᠠᠷ ᠮᠡᠲᠦ ᠱᠢᠯᠦᠭ ᠪᠢᠴᠢᠨᠡᠮ

ᠦᠯᠮᠡᠢ ᠪᠠᠲᠤ ᠤᠷᠤᠱᠢᠬᠤ᠎ᠶ᠋ᠢᠨ ᠢᠷᠦᠭᠡᠯ ᠱᠢᠭ ᠱᠢᠯᠦᠭ ᠪᠢᠴᠢᠨᠡᠮ




ᠭᠤᠶᠤ ᠠᠯᠳᠠᠭ᠎ᠠ ᠱᠢᠭ᠋ ᠲᠤᠰᠤᠨ ᠳ᠋ᠧᠩ᠎ᠤᠨ ᠭᠡᠷᠡᠯ᠎ᠢ ᠬᠠᠳᠠᠭᠠᠯᠠᠵᠤ

ᠭᠤᠮᠤᠳᠠᠯ ᠦᠭᠡᠢ ᠵᠠᠯᠠᠭᠤ ᠨᠠᠰᠤ ᠱᠢᠭ᠋ ᠱᠢᠯᠦᠭ ᠪᠢᠴᠢᠨᠡᠮ

ᠴᠠᠭ ᠬᠤᠭᠤᠴᠠᠭᠠᠨ᠎ᠤ ᠭᠠᠯᠳᠤ᠎ᠠᠴᠠ ᠰᠠᠴᠤᠭ᠍ᠳᠠᠬᠤ

ᠠᠮᠢ ᠨᠠᠰᠤᠨ᠎ᠤ ᠤᠷᠤᠱᠢᠬᠤᠢ ᠮᠡᠲᠦ ᠱᠢᠯᠦᠭ ᠪᠢᠴᠢᠨᠡᠮ




ᠵᠠᠩᠵᠤᠨ ᠱᠢᠭ᠋ ᠪᠤᠰᠤᠭ᠎ᠠ ᠲᠤᠰᠤᠨ ᠳ᠋ᠧᠩ᠎ᠤᠨ ᠭᠡᠷᠡᠯ᠎ᠢ ᠭᠠᠮᠨᠠᠵᠤ

ᠬᠠᠳᠤᠨ ᠱᠢᠭ᠋ ᠦᠵᠡᠰᠭᠦᠯᠡᠩ ᠱᠢᠯᠦᠭ ᠪᠢᠴᠢᠨᠡᠮ

ᠵᠠᠪᠠᠯ ᠭᠠᠳᠤᠯᠬᠤ ᠬᠠᠳᠠᠭᠤᠬᠠᠨ ᠬᠤᠷᠸ᠎ᠠ᠎ᠶ᠋ᠢᠨ ᠲᠤᠤᠯᠢ᠎ᠶ᠋ᠢᠨ ᠤᠰᠤᠨ᠎ᠳᠤ

ᠲᠡᠯᠪᠢ᠎ᠪᠠᠨ ᠮᠦᠱᠢᠶᠡᠨ ᠵᠠᠳᠠᠯᠬᠤ ᠴᠡᠴᠡᠭᠡᠰ᠎ᠤᠨ ᠵᠢᠷᠦᠭᠡ ᠱᠢᠭ ᠱᠢᠯᠦᠭ ᠪᠢᠴᠢᠨᠡᠮ




ᠴᠤᠬᠤ ᠱᠢᠭ᠋ ᠦᠴᠦᠭᠡᠨ ᠲᠤᠰᠤᠨ ᠳ᠋ᠧᠩ᠎ᠤᠨ ᠭᠡᠷᠡᠯ᠎ᠢ ᠦᠮᠦᠭ᠌ᠯᠡᠵᠦ᠍

ᠴᠤᠬᠤᠷ ᠤᠷᠴᠢᠯᠠᠩ᠎ᠤᠨ ᠦᠨᠡᠨ ᠱᠢᠭ ᠱᠢᠯᠦᠭ ᠪᠢᠴᠢᠨᠡᠮ

ᠴᠤᠯᠮᠤᠨ ᠤᠲᠤ ᠱᠢᠭ᠋ ᠲᠡᠭ᠌ᠷᠢ᠎ᠠᠴᠠ ᠦᠭ᠌ᠳᠡᠭᠡᠭ᠌ᠳᠡᠬᠦ᠌ ᠦᠭᠡᠢ

ᠴᠤᠭ ᠱᠢᠭ᠋ ᠡᠭᠦᠳᠭᠡᠯ᠎ᠤᠨ ᠱᠢᠯᠦᠭ ᠪᠢᠴᠢᠨᠡᠮ


ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号