ᠪᠢ ᠡᠬᠡ ᠣᠷᠤᠨ᠎ᠤ ᠬᠢ
2026-03-18 10:58:00
ᠵᠣᠬᠢᠶᠠᠭ᠍ᠴᠢ᠄
ᠬᠤᠨᠢᠴᠢᠨ ᠠ᠊·ᠵᠢᠷᠠ
ᠣᠩᠱᠢᠭ᠍ᠰᠠᠨ ᠣᠳᠠᠭ᠎ᠠ᠄
★★★☆☆


ᠶᠠᠪᠠᠭᠠᠨ ᠰᠠᠯᠬᠢᠨ᠎ᠠᠴᠠ ᠰᠡᠮᠡᠷᠡᠭ᠌ᠰᠡᠨ

ᠵᠠᠬᠢᠳᠠᠯ᠎ᠤᠨ ᠬᠠᠷᠢᠭᠤ᠎ᠳᠤ

ᠬᠠᠷᠴᠠᠭᠠᠢ ᠴᠠᠮᠨᠠᠨ᠎ᠠ

ᠡᠬᠡ ᠣᠷᠤᠨ ᠨᠠᠳᠠ᠎ᠳᠤ ᠬᠠᠢᠷ᠎ᠠ ᠪᠡᠯᠡᠭ᠌ᠯᠡᠭ᠌ᠰᠡᠨ ᠡ

ᠥᠪᠡᠷ᠎ᠢᠶᠠᠨ ᠪᠢ ᠡᠬᠡ ᠣᠷᠤᠨ᠎ᠤ᠎ᠬᠢ

ᠠᠮᠢᠳᠤᠷᠠᠯ ᠠᠮᠲᠠᠯᠠᠭ᠍ᠳᠠᠨ᠎ᠠ




ᠴᠡᠴᠡᠭ᠎ᠤᠨ ᠳᠡᠯᠪᠢ ᠳᠡᠭᠡᠷ᠎ᠡ ᠣᠬᠢᠯᠠᠭ᠍ᠰᠠᠨ ᠱᠢᠭᠦᠳᠡᠷᠢ

ᠣᠨ ᠴᠠᠭ᠎ᠠᠴᠠ ᠠᠶᠠᠷᠯᠠᠬᠤ᠎ᠳᠤ

ᠨᠠᠮᠤᠭᠤᠬᠠᠨ ᠰᠥᠨᠢ᠎ᠶ᠋ᠢ

ᠡᠬᠡ ᠣᠷᠤᠨ ᠨᠠᠳᠠ᠎ᠳᠤ ᠥᠭ᠌ᠭᠦᠭ᠌ᠰᠡᠨ ᠡ

ᠥᠪᠡᠷ᠎ᠢᠶᠠᠨ ᠪᠢ ᠡᠬᠡ ᠤᠷᠣᠨ᠎ᠤ᠎ᠬᠢ

ᠬᠡᠷᠦᠯᠦᠨ ᠮᠥᠷᠡᠨ ᠬᠡᠪ᠎ᠢᠶᠠᠷ᠎ᠢᠶᠠᠨ ᠤᠷᠤᠰᠤᠨ᠎ᠠ




ᠬᠦᠰᠡᠯ ᠵᠢᠭᠦᠷ᠎ᠢᠶᠠᠨ ᠳᠡᠯᠭᠡᠬᠦ᠌᠎ᠳᠤ

ᠬᠤᠯᠠ᠎ᠶ᠋ᠢᠨ ᠳᠤᠷᠠᠰᠤᠮᠵᠢ ᠤᠷᠤᠭᠤ ᠵᠢᠷᠦᠬᠡ ᠮᠢᠨᠢ ᠨᠢᠰᠳᠡᠭ

ᠮᠥᠷᠦᠭᠡᠳᠦᠯ ᠪᠥᠬᠦᠨ ᠠᠷᠪᠠᠳᠤᠭᠠᠷ ᠰᠠᠷ᠎ᠠ᠎ᠶ᠋ᠢᠨ ᠵᠣᠴᠢᠨ ᠪᠣᠯᠤᠨ᠎ᠠ

ᠥᠪᠡᠷ᠎ᠢᠶᠠᠨ ᠪᠢ ᠡᠬᠡ ᠣᠷᠤᠨ᠎ᠤ᠎ᠬᠢ

ᠢᠨᠢᠶᠡᠮᠰᠦᠭ᠌ᠯᠡᠯ᠎ᠢᠶᠠᠷ ᠳᠡᠯᠭᠡᠷᠡᠨ᠎ᠡ




ᠬᠠᠪᠤᠷ᠎ᠲᠤ ᠢᠷᠡᠵᠦ᠍ ᠨᠠᠮᠤᠷ ᠪᠤᠴᠠᠳᠠᠭ

ᠬᠠᠷᠢᠶᠠᠴᠠᠢ᠎ᠶ᠋ᠢᠨ ᠠᠶᠠᠯᠭᠤ᠎ᠨᠢ

ᠲᠡᠭ᠌ᠷᠢ᠎ᠶ᠋ᠢᠨ ᠬᠠᠶᠠᠭᠠᠨ᠎ᠳᠤ ᠬᠥᠭ᠌ᠵᠢᠮ ᠪᠣᠯᠵᠤ ᠦᠯᠡᠳᠡᠨ᠎ᠡ

ᠡᠬᠡ ᠣᠷᠤᠨ ᠨᠠᠷᠠᠨ᠎ᠤ ᠭᠡᠷᠡᠯ᠎ᠢ ᠠᠰᠠᠭᠠᠨ᠎ᠠ

ᠥᠪᠡᠷ᠎ᠢᠶᠠᠨ ᠪᠢ ᠡᠬᠡ ᠣᠷᠤᠨ᠎ᠤ᠎ᠬᠢ

ᠴᠠᠭ ᠬᠤᠭᠤᠴᠠᠭ᠎ᠠ ᠵᠢᠮ᠎ᠡ᠎ᠪᠠᠷ᠎ᠢᠶᠠᠨ ᠤᠷᠤᠰᠤᠨ᠎ᠠ




ᠰᠠᠷᠠᠨ᠎ᠤ ᠡᠪᠦᠷ᠎ᠲᠤ ᠵᠡᠭᠦᠳᠦᠯᠡᠵᠦ᠍ ᠰᠡᠷᠡᠭᠡᠳ

ᠵᠢᠷᠤᠭ᠎ᠤᠨ ᠬᠥᠪᠡᠭᠡᠨ᠎ᠳᠤ ᠲᠤᠷᠠᠯᠠᠬᠤ᠎ᠳᠤ

ᠶᠠᠭᠤ ᠨᠢᠭᠡ᠎ᠶ᠋ᠢ ᠪᠣᠳᠤᠬᠤ

ᠯᠣᠩᠬᠤᠨ ᠲᠣᠲᠣᠷ᠎ᠠ ᠵᠥᠭᠡᠢ ᠦᠩᠬᠢᠨᠡᠨ᠎ᠡ

ᠥᠪᠡᠷ᠎ᠢᠶᠠᠨ ᠪᠢ ᠡᠬᠡ ᠣᠷᠤᠨ᠎ᠤ᠎ᠬᠢ

ᠡᠳᠦᠷ ᠪᠥᠬᠦᠨ ᠵᠢᠮ᠎ᠡ᠎ᠪᠠᠷ᠎ᠢᠶᠠᠨ ᠦᠷᠭᠦᠯᠵᠢᠯᠡᠨ᠎ᠡ


ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号