ᠪᠣᠭᠣᠨᠢ ᠦᠬᠦᠯᠡᠯᠭᠡ ᠬᠣᠶᠠᠷ
ᠵᠠᠮ
ᠭᠠᠯᠴᠤᠭ ᠥᠷᠯᠥᠭᠡ ᠪᠣᠰᠴᠤ᠌ ᠭᠠᠷᠣᠭᠠᠳ ᠬᠤᠯᠨ ᠣᠢᠷ᠎ᠠ᠎ᠶ᠋ᠢ ᠪᠠᠷᠠᠯᠠᠪᠠᠯ ᠲᠠ᠊ — ᠷᠨ ᠪᠡᠯᠴᠢᠭᠡᠷ᠎ᠤᠨ ᠵᠠᠬ᠎ᠠ᠎ᠳᠤᠨᠢ᠂ ᠵᠠᠮ᠎ᠠᠴᠠ ᠵᠠᠢᠰ ᠬᠤᠷᠢᠭᠠᠳ ᠠᠯᠬᠤᠮ ᠭᠠᠵᠠᠷ ᠬᠤᠶᠠᠷ ᠠᠴᠢᠶᠠᠨ᠎ᠤ ᠮᠠᠱᠢᠨ ᠲᠡᠷᠭᠡ ᠱᠢᠪᠡᠷᠳᠠᠴᠢᠬᠠᠭ᠍ᠰᠠᠨ ᠬᠠᠷᠠᠭ᠍ᠳᠠᠨ᠎ᠠ᠃ 《ᠶᠠᠮᠠᠷ ᠤᠰᠤᠨ ᠲᠡᠨᠡᠭ᠎ᠨᠢ ᠬᠠᠷᠠᠩᠭᠤᠢ ᠰᠥᠨᠢ᠎ᠪᠠᠷ ᠵᠠᠮ ᠥᠭᠡᠢ ᠭᠠᠵᠠᠷ ᠢᠷᠡᠵᠦ᠍ ᠱᠢᠪᠡᠷᠳᠠᠳᠠᠭ ᠪᠣᠯ? ᠮᠢᠨᠥ᠍ ᠬᠡᠳᠦᠨ ᠥᠬᠡᠷ᠎ᠲᠤ ᠯᠨ ᠰᠠᠨᠠᠭ᠎ᠠ᠎ᠲᠠᠢ ᠢᠷᠡᠭ᠌ᠰᠡᠨ ᠳᠠᠮᠱᠢᠭᠤᠳ ᠪᠠᠢᠬᠤ ᠁》 ᠭᠡᠵᠦ ᠭᠠᠯᠴᠤᠭ ᠲᠦᠳᠦᠨᠡᠭᠡᠳ ᠲᠡᠢᠰᠢ ᠪᠡᠨ ᠬᠦᠳᠡᠯᠪᠡ᠃
ᠣᠢᠷ᠎ᠠ᠎ᠶ᠋ᠢᠨ ᠵᠢᠯ᠎ᠤᠳ᠎ᠲᠤ 《ᠴᠠᠢᠳᠠᠮ ᠪᠠᠢᠴᠠ᠎ᠶ᠋ᠢᠨ ᠡᠯᠳᠡᠪ ᠬᠠᠷᠮᠠᠭ᠂ ᠬᠡᠦᠰᠢ ᠬᠤᠯᠣᠰᠣ᠂ ᠤᠰᠤᠨ ᠱᠢᠷᠢᠭᠢ ᠪᠠ ᠥᠨᠳᠦᠷᠯᠢᠭ᠎ᠤᠨ ᠥᠢᠷᠡᠭᠡᠨᠡ᠂ ᠭᠤᠷᠨᠢᠳ᠂ ᠬᠠᠷ᠎ᠠ ᠱᠢᠷᠢᠭᠢ ᠮᠡᠳᠦ᠍᠎ᠶ᠋ᠢᠨ ᠱᠢᠮᠡᠲᠥ᠍ ᠤᠷᠭᠤᠮᠠᠯ᠎ᠢ ᠢᠳᠡᠵᠦ᠍᠂ ᠴᠠᠰᠤᠲᠤ ᠮᠥᠩᠭᠡ᠎ᠶ᠋ᠢᠨ ᠱᠢᠷᠭᠤᠭᠤᠯ ᠤᠰᠤ᠎ᠶ᠋ᠢ ᠤᠣᠭᠤᠭ᠍ᠰᠠᠨ ᠥᠬᠡᠷ᠎ᠤᠨ ᠮᠢᠬ᠎ᠠ ᠪᠣᠯ ᠬᠤᠪᠣᠷ ᠡᠮ᠃ ᠬᠤᠤᠰ ᠦᠭᠡᠢ ᠡᠷᠳᠡᠨᠢ!》 ᠭᠡᠬᠦ᠌ ᠦᠭᠡ ᠡᠨᠡ ᠨᠣᠲᠤᠭ᠎ᠲᠤ ᠡᠵᠡᠨ ᠥᠭᠡᠢ ᠲᠥᠭᠡᠵᠡᠢ᠂ ᠮᠢᠬᠠᠨ᠎ᠤ ᠥᠨ᠎ᠡ᠎ᠨᠢ ᠭᠡᠵᠦ᠍ ᠲᠡᠭ᠌ᠷᠢ᠃
ᠲᠠᠷᠭᠤᠨ ᠬᠠᠷ᠎ᠠ ᠭᠠᠯᠴᠤᠭ ᠭᠡᠵᠦ᠍ ᠮᠠᠭᠤᠱᠢᠶᠠᠬᠤ ᠮᠢᠱᠢᠶᠡᠬᠦ᠂ ᠪᠠᠰᠣᠮᠵᠢᠯᠠᠬᠤ ᠡᠨᠡᠷᠢᠬᠦ᠂ ᠬᠠᠢᠷᠠᠯᠠᠬᠤ ᠬᠠᠷᠠᠳᠠᠬᠤ᠎ᠨᠢ ᠥᠯᠥ᠍ ᠮᠡᠳᠡᠭ᠌ᠳᠡᠬᠦ᠌ ᠡᠯᠪᠡᠭ ᠠᠭᠤᠯᠭ᠎ᠠ ᠪᠦᠬᠦᠢ ᠪᠠᠶᠠᠯᠢᠭ ᠴᠢᠷᠡᠢ᠎ᠲᠠᠢ ᠶᠠᠭᠤᠮ᠎ᠠ ᠣᠴᠢᠭᠠᠳ ᠥᠵᠡᠪᠡᠯ ᠥᠪᠡᠷ ᠥᠷᠥᠭᠡᠯ᠎ᠤᠨ ᠬᠤᠶᠠᠷ ᠪᠠᠯᠭᠠᠰᠣᠨ᠎ᠤ ᠥᠯᠥ᠍ ᠲᠠᠨᠢᠬᠤ ᠮᠠᠢᠮᠠᠢᠴᠢᠳ᠎ᠤᠨ ᠲᠡᠷᠭᠡ ᠲᠣᠭᠤᠱᠢᠲᠠᠢ ᠱᠢᠪᠡᠷᠳᠠᠵᠠᠢ᠃ ᠬᠡᠳᠦᠨ ᠡᠵᠡᠨ᠎ᠨᠢ ᠭᠡᠵᠦ᠍ ᠤᠯᠨᠠᠴᠠᠪᠠᠨ ᠵᠣᠯᠠᠢ ᠬᠦᠷᠲᠡᠯ᠎ᠡ ᠱᠢᠪᠡᠷ᠎ᠲᠤ ᠭᠡᠷᠯᠡᠭ᠌ᠳᠡᠭ᠌ᠰᠡᠨ ᠶᠠᠭᠤᠮᠠᠰ ᠮᠠᠭᠤ ᠴᠢᠷᠠᠢᠯᠠᠨ ᠬᠡᠷᠡᠭᠦᠯ ᠬᠢᠵᠦ᠍ ᠰᠠᠭᠤᠨ᠎ᠠ — ᠶᠠᠷᠢᠶ᠎ᠠ ᠬᠦᠳᠡᠯᠥᠯᠢᠨᠢ ᠥᠵᠡᠭ᠌ᠰᠡᠨᠢᠶᠠᠷᠢᠶᠠᠨ ᠴᠢᠷᠠᠢ ᠮᠠᠭᠤᠲᠠᠢ ᠭᠡᠵᠦ᠍ ᠪᠣᠢ᠂ ᠵᠢᠩᠬᠢᠨᠢ 《ᠮᠢᠬᠠᠨ ᠴᠢᠷᠠᠢ》 ᠶ᠋ᠢ᠎ᠨᠢ ᠰᠥᠷᠥᠩᠵᠠᠪ ᠬᠠᠷᠠᠬᠠᠨ ᠥᠵᠡᠭᠡᠳᠦᠢ ᠪᠠᠢᠭ᠍ᠰᠠᠭᠠᠷ᠃
ᠬᠤᠶᠠᠷ ᠲᠡᠷᠭᠡ᠎ᠨᠢ ᠬᠤᠪ ᠬᠤᠭᠤᠰᠣᠨ᠃ ᠡᠵᠡᠳ᠎ᠨᠢ ᠬᠤᠭᠤᠷᠣᠨᠳᠣ᠎ᠪᠠᠨ ᠲᠠᠨᠢᠯᠴᠠᠬᠤ ᠦᠭᠡᠢ᠃
ᠡᠮᠥᠨᠡᠬᠢ᠎ᠨᠢ ᠢᠷᠡᠵᠦ᠍ ᠱᠢᠪᠡᠷᠳᠠᠭᠠᠳ ᠲᠡᠷᠭᠡ᠎ᠪᠠᠨ ᠳᠠᠳᠠᠭᠤᠯᠵᠣ ᠭᠠᠷᠭᠠᠬᠤ ᠭᠡᠮᠡᠨ ᠰᠥᠨᠢᠵᠢᠨ ᠣᠳᠠᠰᠣᠳᠠᠭ᠍ᠰᠠᠭᠠᠷ ᠪᠠᠢᠵᠣ 5000 ᠲᠥᠭᠦᠷᠢᠭ᠎ᠢᠶᠠᠷ ᠬᠤᠢᠨᠠᠬᠢ᠎ᠪᠠᠨ ᠳᠠᠭᠤᠳᠠᠵᠣ ᠠᠪᠴᠢᠷᠠᠨ ᠱᠢᠪᠠᠷᠳᠠᠭᠤᠯᠵᠠᠢ᠃ ᠬᠤᠢᠨᠠᠬᠢ᠎ᠨᠢ ᠴᠠᠭ ᠠᠵᠢᠯ ᠰᠠᠭᠠᠲᠠᠭᠠᠯᠠ᠂ 3000 ᠲᠥᠭᠦᠷᠢᠭ ᠨᠡᠮᠡᠬᠦ᠌ ᠬᠡᠷᠡᠭ᠌ᠲᠡᠢ ᠭᠡᠳ ᠯᠨ ᠬᠡᠷᠡᠭᠦᠯ ᠬᠠᠷᠢᠶᠠᠯ᠎ᠤᠨ ᠳᠣᠮᠳᠠ᠃ ᠰᠥᠷᠥᠩᠵᠠᠪ ᠶᠠᠷᠢᠶ᠎ᠠ᠎ᠶ᠋ᠢ᠎ᠨᠢ ᠲᠠᠰᠣᠯᠣᠨ᠄ 《ᠣᠳᠣ ᠳᠠᠳᠠᠵᠣ ᠲᠥᠯᠬᠢᠬᠦ᠌ ᠬᠦᠴᠦᠨ᠎ᠲᠠᠢ ᠲᠣᠮᠣ ᠬᠡᠯᠪᠡᠷᠢ᠎ᠶ᠋ᠢᠨ ᠮᠠᠯᠲᠠᠭᠤᠷ ᠮᠠᠱᠢᠨ ᠳᠠᠭᠤᠳᠠᠬᠤ ᠤᠤ? ᠡᠰᠡᠭᠦᠯ᠎ᠡ ᠴᠠᠬ᠍ᠳᠠᠭ᠎ᠠ ᠳᠠᠭᠤᠳᠠᠬᠤ ᠤᠤ?》 ᠭᠡᠵᠦ᠍ ᠡᠮᠥᠨᠡᠬᠢ ᠲᠡᠷᠭᠡ (A ᠲᠡᠷᠭᠡ) ᠶ᠋ᠢᠨ ᠡᠵᠡᠨ᠎ᠳᠤ ᠬᠠᠨᠳᠣᠨ ᠵᠥᠭᠡᠯᠡᠬᠡᠨ ᠳᠠᠭᠤᠨ᠎ᠢᠶᠠᠷ 《ᠵᠥᠪᠳᠠᠨᠠ》᠃ A ᠵᠢᠯᠣᠭᠤᠴᠢ ᠬᠤᠯᠠᠭᠠᠢ ᠬᠢᠬᠦ᠌᠎ᠪᠠᠷ ᠢᠷᠡᠭ᠌ᠰᠡᠨ᠎ᠢᠶᠠᠨ ᠨᠢᠭᠤᠬᠤ᠎ᠶ᠋ᠢᠨ ᠲᠣᠯᠨ᠄ 《ᠴᠠᠭ᠍ᠳᠠᠭ᠎ᠠ ᠳᠠᠭᠤᠳᠠᠭᠠᠳ ᠶᠠᠭᠠᠬᠢᠬᠤ ᠶᠣᠮ? ᠪᠢ ᠰᠥᠨᠢ᠎ᠪᠠᠷ ᠲᠥᠭᠡᠷᠢᠭᠡᠳ ᠠᠳᠡ ᠢᠷᠡᠴᠢᠭᠡᠵᠡᠢ》 ᠭᠡᠵᠦ᠍ ᠭᠡᠳᠡᠢᠨᠡ᠃
《ᠶᠠᠭᠠᠬᠢᠵᠦ᠍ ᠲᠥᠭᠡᠷᠢᠯᠡ ᠭᠡᠬᠦ᠌᠎ᠳᠤ ᠵᠠᠰᠠᠮᠠᠯ ᠵᠠᠮ᠎ᠠᠴᠠ ᠰᠠᠯᠲᠠᠯ᠎ᠠ ᠲᠥᠭᠡᠷᠢᠬᠦ᠌ ᠦᠭᠡᠢ ᠶᠣᠮ ᠳ᠋ᠠ ᠁》
《ᠪᠢ ᠵᠢᠭᠠᠬᠠᠨ ᠠᠷᠢᠬᠢ ᠤᠣᠭᠤᠴᠢᠬᠠᠭ᠍ᠰᠠᠨ ᠪᠠᠢᠯ᠎ᠠ᠃》
《ᠲᠡᠭᠡᠪᠡᠯ ᠵᠠᠮ ᠬᠠᠷᠢᠯᠴᠠᠭᠠᠨ᠎ᠤ ᠴᠠᠭ᠍ᠳᠠᠭ᠎ᠠ᠎ᠶ᠋ᠢ ᠳᠠᠭᠤᠳᠠᠬᠤ ᠤᠤ?》 ᠮᠥᠨ ᠯᠨ ᠵᠥᠭᠡᠯᠡᠬᠡᠨ ᠳᠠᠭᠤᠲᠠᠢ ᠵᠥᠪᠳᠡᠯᠴᠡᠭᠡ᠃
《ᠥᠭᠡᠢ ᠥᠭᠡᠢ᠂ ᠱᠢᠭᠤᠳ ᠯᠨ ᠲᠣᠮᠣ ᠮᠠᠯᠲᠠᠭᠤᠷ ᠮᠠᠱᠢᠨ᠎ᠢ ᠳᠠᠭᠤᠳᠠᠶ᠎ᠠ᠃》
A ᠲᠡᠷᠭᠡ᠂ B ᠲᠡᠷᠭᠡ᠂ ᠰᠥᠷᠥᠩᠵᠠᠪ ᠭᠤᠷᠪᠠᠨ ᠲᠡᠯ᠎ᠡ᠎ᠪᠠᠷ᠎ᠢᠶᠠᠨ ᠬᠠᠮᠵᠢᠨ ᠬᠤᠲᠠ᠎ᠶ᠋ᠢᠨ ᠮᠠᠯᠲᠠᠭᠤᠷ ᠮᠠᠱᠢᠨ᠎ᠤ ᠺᠣᠮᠫᠠᠨᠢ᠎ᠲᠠᠢ ᠵᠢᠷᠠᠭᠠᠳ ᠮᠢᠨᠥᠢ᠍ᠲᠤᠨ ᠬᠡᠯᠡᠯᠴᠡᠭᠡᠷ ᠬᠢᠭ᠌ᠰᠡᠨ (ᠥᠨ᠎ᠡ ᠬᠠᠶᠠᠯᠴᠠᠭ᠍ᠰᠠᠨ) ᠤ᠋ ᠳ᠋ᠥᠩ᠎ᠳᠤ 12000 ᠲᠥᠭᠦᠷᠢᠭ᠎ᠢᠶᠠᠷ ᠲᠡᠷᠨ ᠮᠠᠱᠢᠨ᠎ᠢ᠎ᠨᠢ ᠢᠷᠡᠭᠦᠯᠬᠦ᠌ ᠪᠣᠯᠪᠠ᠃ A ᠲᠡᠷᠭᠡ᠎ᠶ᠋ᠢᠨ ᠡᠵᠡᠨ ᠡᠨᠡ ᠥᠨ᠎ᠡ᠎ᠶ᠋ᠢ ᠬᠦᠯᠢᠶᠡᠵᠦ᠍ ᠠᠪᠬᠤ᠎ᠳᠠᠭᠠᠨ ᠱᠢᠳᠥᠪᠠᠨ ᠬᠡᠦᠴᠢᠭᠦᠯᠥᠭᠡᠳ ᠴᠠᠭᠠᠰᠢ᠎ᠨᠢ ᠵᠠᠯᠭᠢᠬᠤ ᠮᠡᠳᠦ ᠵᠣᠪᠠᠭᠤᠷᠢᠲᠠᠢ ᠴᠢᠷᠠᠢᠯᠠᠬᠣᠶ᠋ᠢ ᠨᠢᠭᠤᠷ ᠳᠡᠭᠡᠷᠡᠬᠢ ᠱᠢᠪᠡᠷ ᠱᠢᠷᠥᠢ ᠴᠤ᠌ ᠬᠠᠯᠬᠠᠯᠠᠵᠣ ᠴᠢᠳᠠᠭ᠍ᠰᠠᠨ ᠦᠭᠡᠢ᠃
ᠦᠳᠡ᠎ᠶ᠋ᠢᠨ ᠬᠤᠢᠨ᠎ᠠ ᠪᠣᠯᠬᠤ᠎ᠳᠤ ᠮᠠᠯᠲᠠᠭᠤᠷ ᠮᠠᠱᠢᠨ ᠬᠦᠷᠴᠥ᠍ ᠢᠷᠡᠨ ᠬᠤᠶᠠᠷ ᠲᠡᠷᠭᠡ᠎ᠶ᠋ᠢ ᠮᠠᠯᠲᠠᠵᠣ᠂ ᠲᠠᠲᠠᠵᠣ ᠭᠠᠷᠭᠠᠭᠠᠳ᠂ 12000 ᠲᠥᠭᠦᠷᠢᠭ᠎ᠢᠶᠠᠨ ᠠᠪᠴᠤ᠌᠂ B ᠲᠡᠷᠭᠡ᠎ᠶ᠋ᠢᠨ ᠡᠵᠡᠨ 8000 ᠲᠥᠭᠦᠷᠢᠭ᠎ᠢᠶᠠᠨ ᠠᠪᠴᠤ᠌ ᠶᠠᠪᠣᠭᠠᠳ ᠥᠭ᠌ᠭᠦᠯᠡ᠃ A ᠲᠡᠷᠭᠡ᠎ᠶ᠋ᠢᠨ ᠡᠵᠡᠨ ᠭᠠᠷ ᠤᠳᠠᠰᠣᠨ ᠳᠡᠭᠡᠷ᠎ᠡ᠎ᠠᠴᠠ᠎ᠪᠠᠨ ᠡᠳᠡᠭᠡᠷ ᠵᠣᠭᠤᠰ᠎ᠢ ᠱᠢᠯᠵᠢᠭᠦᠯᠬᠦ᠌᠎ᠳᠤ᠂ ᠡᠷᠬᠡ ᠦᠭᠡᠢ᠎ᠪᠠᠷ ᠣᠷᠣᠰᠣᠭ᠍ᠰᠠᠨ ᠨᠢᠯᠪᠦᠰᠦ᠎ᠨᠢ ᠨᠢᠭᠤᠷ ᠳᠡᠭᠡᠷ᠎ᠡ ᠠᠷᠢᠭᠤᠨ ᠵᠠᠮ ᠲᠠᠲᠠᠭᠤᠯᠣᠨ᠂ ᠬᠤᠶᠠᠷᠬᠠᠨ ᠵᠣᠷᠪᠣᠰ ᠭᠡᠯᠡ ᠴᠤ᠌ ᠥᠩᠭᠡ ᠵᠢᠰᠥ᠎ᠶ᠋ᠢ ᠠᠩᠬᠠᠯᠠᠨ ᠥᠵᠡᠭᠦᠯᠪᠡ — ᠮᠠᠷᠢᠶᠠᠯᠢᠭ ᠱᠢᠷᠠᠪᠲᠣᠷ ᠴᠢᠷᠠᠢ᠎ᠲᠠᠢ ᠬᠦᠮᠥᠨ ᠪᠠᠢᠵᠠᠢ᠃
ᠰᠥᠷᠥᠩᠵᠠᠪ ᠲᠠᠮᠠᠬᠢ᠎ᠪᠠᠨ ᠭᠠᠷᠭᠠᠨ ᠨᠢᠭᠡ᠎ᠶ᠋ᠢ ᠲᠡᠷᠭᠡ᠎ᠶ᠋ᠢᠨ ᠡᠵᠡᠨ᠎ᠳᠤ ᠥᠭ᠌ᠴᠥ᠂ ᠨᠢᠭᠡ᠎ᠶ᠋ᠢ ᠥᠪᠡᠷ᠎ᠢᠶᠠᠨ ᠵᠠᠭᠤᠬᠤ᠎ᠶ᠋ᠢᠨ ᠲᠠᠱᠢᠷᠠᠮ᠄ 《ᠣᠳᠣ ᠬᠤᠶᠠᠭᠤᠯᠨ ᠳᠠᠩᠰᠠ᠎ᠪᠠᠨ ᠪᠣᠳᠣᠬᠤ ᠤᠤ?》 ᠭᠡᠪᠡᠯ᠂ ᠲᠡᠷᠭᠡ᠎ᠶ᠋ᠢᠨ ᠡᠵᠡᠨ ᠬᠤᠷᠳᠣᠬᠠᠨ ᠪᠣᠰᠣᠨ ᠲᠠᠮᠠᠬᠢᠶ᠋ᠢᠨᠢ ᠠᠰᠠᠭᠠᠵᠣ ᠥᠭ᠌ᠬᠦ᠎ᠳᠡᠭᠡᠨ ᠰᠡᠷᠡᠮᠵᠢᠲᠡᠢ ᠬᠠᠷᠠᠴᠠ᠎ᠪᠠᠷ ᠰᠥᠷᠥᠩᠵᠠᠪᠢ ᠠᠵᠢᠭ᠍ᠰᠠᠭᠠᠷ᠄ 《ᠨᠠᠮᠣᠷ ᠪᠣᠯᠣᠭ᠍ᠰᠠᠭᠠᠷ ᠲᠠᠨᠣᠰ᠎ᠲᠤ ᠲᠡᠭᠡᠭᠡᠪᠦᠷᠢ᠎ᠶ᠋ᠢᠨ ᠪᠠᠭᠠᠵᠢ ᠶᠡᠬᠡ ᠪᠡᠷ ᠳᠣᠲᠠᠭ᠍ᠳᠠᠳᠠᠭ ᠶᠣᠮ ᠪᠢᠰᠢ ᠤᠤ! ᠪᠢ ᠴᠢᠨᠥ᠍ ᠮᠠᠯ᠎ᠤᠨ ᠭᠠᠷᠣᠯᠲᠠ᠂ ᠪᠡᠯᠴᠢᠭᠡᠷ᠎ᠤᠨ ᠭᠠᠷᠣᠯᠲᠠ᠂ ᠡᠪᠡᠰᠦ ᠪᠣᠷᠳᠣᠭᠤᠷ᠎ᠢ ᠪᠠᠯᠭᠠᠰᠣ ᠣᠷᠣᠭᠤ ᠥᠨ᠎ᠡ ᠥᠭᠡᠢ᠎ᠪᠠᠷ ᠲᠡᠭᠡᠭᠡᠵᠦ᠍ ᠥᠭ᠌ᠭᠦᠶ᠎ᠡ᠃ ᠡᠰᠡᠭᠦᠯ᠎ᠡ ᠲᠡᠨᠤ ᠡᠨᠡ ᠮᠠᠭᠤ ᠵᠠᠮ᠎ᠢ ᠰᠡᠯᠪᠢᠵᠦ᠍ ᠥᠭ᠌ᠭᠦᠶ᠎ᠡ》 ᠭᠡᠪᠡ᠃
《ᠮᠠᠨ᠎ᠤ ᠪᠠᠢᠳᠠᠯ᠎ᠢ ᠮᠡᠳᠡᠳᠡᠭ ᠪᠠᠢᠭ᠍ᠰᠠᠨ ᠪᠣᠯ ᠡᠨᠡ ᠵᠠᠮ᠎ᠢ᠎ᠨᠢ ᠶᠠᠭᠠᠬᠢᠭᠠᠳ ᠮᠡᠳᠡᠳᠡᠭ ᠦᠭᠡᠢ ᠶᠣᠮ ᠪᠣᠢ ᠁ ᠰᠥᠨᠢ ᠪᠠᠢᠭ᠍ᠰᠠᠨ᠎ᠤ ᠳᠡᠭᠡᠷ᠎ᠡ ᠵᠢᠭᠠᠬᠠᠨ ᠤᠣᠭᠤᠴᠢᠬᠠᠭ᠍ᠰᠠᠨ ᠤᠤ?》
ᠰᠥᠷᠥᠩᠵᠠᠪ ᠢᠨᠢᠶᠡᠳᠦ᠍ᠪᠠᠨ ᠳᠠᠷᠣᠵᠣ ᠶᠠᠳᠠᠭ᠍ᠰᠠᠭᠠᠷ ᠢᠩᠬᠢᠵᠦ᠍ ᠶᠠᠷᠢᠬᠤ᠎ᠶ᠋ᠢ᠎ᠨᠢ ᠥᠵᠡᠵᠦ᠍ ᠭᠠᠷᠣᠭ᠍ᠰᠠᠨ ᠵᠢᠯᠤᠭᠤᠴᠢ ᠲᠣᠬᠢᠶᠠᠯ᠎ᠢ ᠴᠢᠳᠠᠮᠠᠭᠠᠢ ᠵᠠᠪᠳᠣᠭᠤᠯᠣᠨ ᠬᠠ ᠬᠠ ᠲᠠᠲᠠᠲᠠᠯ᠎ᠠ ᠢᠨᠢᠶᠡᠭ᠌ᠰᠡᠭᠡᠷ᠄ 《ᠥᠭᠡᠢ ᠦᠭᠡᠢ ᠦᠭᠡᠢ ᠁》 ᠭᠡᠳ ᠨᠢᠭᠡ ᠭᠠᠷ᠎ᠢ᠎ᠨᠢ ᠬᠤᠶᠠᠷ ᠭᠠᠷ᠎ᠢᠶᠠᠷ ᠬᠠᠯᠠᠭᠤᠮᠰᠤᠭ ᠭᠡᠭ᠌ᠴᠢ᠎ᠨᠢ ᠠᠳᠭᠤᠵᠣ ᠠᠪᠣᠪᠠ᠃
ᠰᠥᠷᠥᠩᠵᠠᠪ ᠢᠨᠢᠶᠡᠬᠦ᠌᠎ᠪᠠᠨ ᠪᠣᠯᠢᠭᠠᠳ᠂ ᠵᠠᠰᠠᠮᠠᠯ ᠵᠠᠮ᠎ᠠᠴᠠ ᠨᠠᠭᠠᠰᠢ᠎ᠪᠠᠨ ᠰᠠᠯᠣᠭ᠍ᠰᠠᠨ ᠪᠡᠯᠴᠢᠭᠡᠷ᠎ᠤᠨ ᠱᠢᠷᠣᠢᠨ ᠵᠠᠮ᠎ᠢᠶᠠᠨ ᠬᠠᠷᠠᠵᠣ ᠰᠠᠭᠤᠨ᠎ᠠ᠃
《ᠵᠥᠭᠡᠷ ᠲᠡᠭᠡᠭᠡᠵᠦ᠍ ᠵᠥᠭᠡᠭᠡᠬᠦ᠌ᠨᠢ ᠴᠤ᠌ ᠶᠠᠭᠤ ᠶᠣᠮ᠂ ᠪᠢᠳᠡ ᠬᠡᠨ ᠬᠡᠨ᠎ᠳᠡᠭᠡᠨ ᠠᠱᠢᠭ᠍ᠲᠠᠢ ᠮᠠᠢᠮᠠᠢ ᠬᠢᠨ᠎ᠡ ᠱᠢᠥ᠃ ᠵᠠᠮ᠎ᠢᠶᠠᠨ ᠥᠪᠡᠷ᠎ᠢᠶᠠᠨ ᠰᠡᠯᠪᠢᠶᠡ᠃ ᠪᠢ ᠵᠥᠪ ᠵᠡᠮ᠎ᠢ ᠵᠥᠪ ᠵᠠᠰᠠᠵᠣ ᠴᠢᠳᠠᠳᠠᠭ᠃ ᠡᠨᠡ ᠵᠢᠯ ᠪᠣᠷᠣᠭᠠᠨ ᠶᠡᠭᠡ᠎ᠲᠠᠢ᠎ᠠᠴᠠ ᠪᠣᠯᠣᠭᠠᠳ ᠁》
ᠲᠣᠰᠣ ᠱᠢᠪᠡᠷ ᠪᠣᠯᠣᠭ᠍ᠰᠠᠨ ᠬᠠᠷ᠎ᠠ ᠱᠢᠷ᠎ᠠ ᠬᠤᠶᠠᠷ ᠲᠠᠷᠭᠤᠨ ᠠᠮᠢᠲᠠᠨ ᠰᠠᠨᠠᠭ᠎ᠠ ᠰᠠᠨᠠᠭ᠎ᠠ᠎ᠪᠠᠨ ᠣᠯᠣᠯᠴᠠᠨ ᠮᠥᠨ ᠯᠨ ᠶᠡᠬᠡ ᠪᠡᠷ ᠢᠨᠢᠶᠡᠯᠴᠡᠵᠦ᠍ ᠮᠥᠷᠥ᠍ ᠮᠥᠷᠥ᠎ᠪᠠᠨ ᠨᠥᠳᠦᠯᠴᠡᠨᠡ᠂ ᠬᠡᠳᠦᠢᠨᠤ ᠲᠠᠨᠢᠯ ᠪᠠᠢᠭ᠍ᠰᠠᠨ ᠶᠣᠮ ᠱᠢᠬ᠃
ᠵᠣᠨ᠎ᠤ ᠰᠡᠭᠦᠯᠴᠢ᠎ᠶ᠋ᠢᠨ ᠵᠥᠭᠡᠯᠡᠨ ᠰᠠᠯᠬᠢ ᠲᠣᠷᠭᠠᠨ ᠬᠢᠯᠭᠠᠨ᠎ᠠ᠎ᠶ᠋ᠢ ᠥᠯᠥ᠍ ᠮᠡᠳᠡᠭ ᠰᠠᠭᠠᠳᠠᠭ᠍ᠯᠠᠭᠤᠯᠵᠣ᠂ ᠨᠠᠷᠠᠨ᠎ᠤ ᠵᠥᠭᠡᠯᠡᠨ ᠢᠯᠴᠢ ᠵᠠᠮ᠎ᠤᠨ ᠱᠢᠪᠡᠷ ᠱᠠᠯᠪᠠᠭᠢ ᠡᠭᠡᠭᠡᠵᠦ᠍ ᠡᠪᠡᠷᠡᠭᠡᠨᠡ᠃
ᠠᠱᠢᠭ᠎ᠤᠨ ᠲᠥᠯᠥᠭᠡ ᠭᠡᠪᠡᠯ ᠴᠢᠰᠥ᠍ ᠭᠠᠷᠲᠠᠯ᠎ᠠ ᠵᠣᠳᠣᠯᠳᠣᠬᠤ ᠪᠠᠢᠭ᠍ᠰᠠᠨ ᠬᠤᠶᠠᠷ᠂ ᠣᠳᠣ ᠲᠣᠰᠣ ᠭᠠᠷᠲᠠᠯ᠎ᠠ ᠲᠡᠪᠡᠷᠢᠯᠴᠡᠬᠦ᠌ ᠳᠣᠲᠠᠭᠠᠳ ᠯᠨ᠂ ᠨᠠᠮᠣᠷ᠎ᠤᠨ ᠮᠠᠢᠮᠠᠢ᠎ᠪᠠᠨ ᠵᠥᠪᠳᠡᠨ ᠵᠡᠷᠭᠡᠴᠡᠵᠦ᠍ ᠰᠠᠭᠤᠨ᠎ᠠ᠃