ᠪᠣᠭᠣᠨᠢ ᠦᠬᠦᠯᠡᠯᠭᠡ ᠬᠣᠶᠠᠷ
ᠶᠠᠪᠣᠴᠠ
ᠨᠢᠭᠡᠨ ᠶᠡᠬᠡᠮᠰᠥᠭ ᠬᠤᠭᠤᠯᠠᠨ ᠭᠡᠷ᠎ᠤᠨ ᠬᠡᠭᠡᠮᠰᠥᠭ ᠥᠷᠥᠭᠡᠨ᠎ᠳᠤ᠃
ᠡᠷᠬᠢᠮᠰᠥᠭ ᠶᠠᠩᠵᠣ᠎ᠶ᠋ᠢᠨ ᠰᠥᠷᠥᠩᠵᠠᠪ ᠬᠦᠩᠭᠡᠮᠰᠥᠭ ᠶᠠᠩᠵᠣ᠎ᠶ᠋ᠢᠨ ᠥᠢᠯᠡᠴᠢᠯᠡᠭ᠌ᠴᠢᠶ᠋ᠢ ᠳᠠᠭᠤᠳᠠᠨ ᠢᠳᠡᠭᠡ ᠪᠣᠳᠠᠭ᠎ᠠ᠂ ᠠᠷᠢᠬᠢ ᠳᠠᠷᠠᠰᠣᠪᠠᠨ ᠪᠢᠴᠢᠭᠦᠯᠴᠢᠭᠡᠭᠡᠳ ᠴᠠᠭ᠎ᠢᠶᠠᠨ ᠬᠠᠷᠠᠪᠠᠯ ᠣᠷᠣᠢ᠎ᠶ᠋ᠢᠨ 6᠄ 35!
ᠴᠠᠭ 6᠄ 00 ᠭᠡᠵᠦ᠍ ᠪᠣᠯᠵᠤᠭ᠍ᠰᠠᠨ ᠠᠰᠪᠠᠭᠠᠨᠠ᠂ ᠭᠤᠤᠯᠲᠣ ᠬᠤᠶᠠᠷ᠎ᠨᠢ ᠣᠳᠣ ᠯᠨ ᠬᠦᠷᠴᠥ᠍ ᠢᠷᠡᠮᠡᠷ ᠶᠣᠮ᠃ ᠬᠠᠷ᠎ᠠ ᠪᠠᠭ᠎ᠠ᠎ᠠᠴᠠ᠎ᠪᠠᠨ ᠶᠡᠭᠡ ᠰᠣᠷᠭᠠᠭᠤᠯᠢ ᠲᠡᠭᠦᠰᠲᠡᠯ᠎ᠡ ᠨᠡᠷᠢᠨ ᠭᠡᠳᠡᠰᠥᠪᠠᠷᠢᠶᠠᠨ ᠬᠡᠯᠬᠢᠶ᠎ᠡ᠎ᠲᠠᠢ ᠶᠣᠮ ᠱᠢᠬ ᠬᠠᠮᠲᠣ ᠶᠠᠪᠣᠯᠴᠠᠭ᠍ᠰᠠᠨ ᠴᠢᠨᠳᠠᠮᠣᠨᠢ ᠭᠤᠷᠪᠠ᠃ ᠰᠥᠷᠥᠩᠵᠠᠪ ᠶᠡᠭᠡ ᠰᠣᠷᠭᠠᠭᠤᠯᠢ᠎ᠪᠠᠨ ᠲᠡᠭᠦᠰᠥᠩᠭᠦᠲᠡ ᠴᠡᠷᠢᠭ᠎ᠲᠤ ᠡᠯᠰᠡᠭ᠌ᠲᠡᠵᠦ᠍᠂ ᠴᠡᠷᠢᠭ᠎ᠠᠴᠠ᠎ᠪᠠᠨ ᠬᠠᠯᠠᠭ᠍ᠳᠠᠭᠠᠳ ᠪᠠᠰᠨ ᠠᠵᠢᠯ ᠠᠮᠢᠳᠣᠷᠠᠯ ᠡᠨᠡ ᠲᠡᠷᠨ ᠭᠡᠵᠦ᠍ ᠶᠠᠪᠣᠭᠠᠳ ᠵᠢᠷᠭᠤᠭᠠᠨ ᠵᠢᠯ᠎ᠤᠨ ᠨᠢᠭᠤᠷ ᠥᠵᠡᠴᠢᠭᠡᠵᠡᠢ᠃ ᠬᠠᠷᠢᠨ ᠬᠤᠶᠠᠷ ᠨᠠᠢᠵᠨ᠎ᠨᠢ ᠨᠣᠲᠤᠭ᠎ᠲᠠᠭᠠᠨ ᠬᠠᠷᠢᠵᠤ ᠢᠷᠡᠨ ᠨᠢᠭᠡ ᠠᠵᠢᠯ᠎ᠤᠨ ᠪᠠᠢᠷᠢ᠎ᠶ᠋ᠢ ᠪᠣᠯᠢᠶᠠᠯᠴᠠᠵᠣ ᠮᠠᠭᠤᠳᠠᠯᠴᠠᠨ ᠡᠪᠳᠡᠷᠡᠯᠴᠡᠭᠡᠳ ᠨᠢᠭᠡ ᠨᠢᠭᠡ᠎ᠪᠠᠨ ᠭᠤᠮᠣᠳᠠᠭᠠᠵᠣ᠂ ᠬᠡᠨ ᠬᠡᠨ᠎ᠢᠶᠠᠨ ᠠᠭᠤᠴᠢᠯᠠᠬᠤ ᠦᠭᠡᠢ ᠣᠳᠣ ᠪᠣᠯᠣᠭ᠍ᠰᠠᠨ ᠭᠡᠨ᠎ᠡ᠃ ᠬᠡᠳᠦ ᠬᠡᠳᠦᠨ ᠨᠠᠢᠵᠨ ᠰᠠᠳᠣᠨ᠎ᠨᠢ ᠲᠡᠳᠡ ᠬᠤᠶᠠᠷ᠎ᠢ ᠡᠪᠰᠡᠭᠦᠯᠬᠦ᠌ ᠭᠡᠳ ᠪᠦᠷ ᠴᠢᠳᠠᠭ᠍ᠰᠠᠨ ᠦᠭᠡᠢ᠂ ᠡᠷᠭᠢᠭᠡᠳ ᠬᠠᠷᠢᠨ ᠲᠡᠳᠡ ᠬᠤᠶᠠᠷ᠎ᠲᠠᠢ᠎ᠪᠠᠨ ᠮᠠᠭᠤᠳᠠᠯᠴᠠᠬᠣ ᠰᠢᠬ ᠪᠣᠯᠣᠭᠠᠳ 《ᠠᠵᠢᠯ》ᠶ᠋ᠢᠡᠨ ᠨᠢᠭᠡ ᠨᠢᠭᠡ᠎ᠪᠠᠷ᠎ᠢᠶᠠᠨ ᠣᠮ ᠬᠤᠮ ᠵᠣᠭ᠍ᠰᠣᠭᠠᠵᠠᠢ᠃ ᠰᠥᠷᠥᠩᠵᠠᠪ ᠨᠣᠲᠤᠭ᠎ᠲᠠᠭᠠᠨ ᠢᠷᠡᠩᠭᠦᠲᠡ ᠲᠡᠳᠡ ᠬᠤᠶᠠᠷ᠎ᠢ ᠡᠪᠰᠡᠭᠦᠯᠬᠦ᠌ ᠭᠡᠮᠡᠨ ᠲᠣᠰ ᠲᠣᠰ ᠭᠤᠶᠣᠵᠣ ᠭᠤᠩᠱᠢᠵᠦ᠍᠂ ᠭᠤᠷᠪᠠ ᠮᠥᠷᠭᠦᠬᠦ᠌᠎ᠶ᠋ᠢᠨ ᠨᠠᠭᠠᠨᠠᠬᠠᠨ ᠪᠣᠯᠵᠣ ᠪᠠᠢᠵᠣ ᠵᠥᠪᠱᠢᠶᠡᠷᠡᠭᠦᠯᠥᠭᠡᠳ᠂ ᠡᠨᠡ ᠣᠷᠣᠢ ᠱᠢᠷᠡᠭᠡ ᠲᠥᠭᠦᠭᠡᠷᠥᠭ᠌ᠰᠡᠨᠨᠢ ᠡᠨᠡ᠃
ᠭᠠᠷ ᠤᠳᠠᠰᠤ᠎ᠪᠠᠨ ᠭᠠᠷᠭᠠᠲᠡᠯᠡ ᠭᠤᠤᠯᠲᠤ ᠣᠷᠣᠵᠣ ᠢᠷᠡᠪᠡ᠃
《ᠠᠭᠤᠴᠢᠯᠠᠭᠠᠷᠠᠢ ᠂ ᠵᠢᠭᠠᠬ᠍ᠨ ᠣᠷᠣᠢᠲᠠᠴᠢᠬᠠᠯᠠ᠃》
《ᠵᠥᠭᠡᠷ ᠡ᠂ ᠵᠥᠭᠡᠷ᠃》
《ᠲᠡᠷᠨ?》
《ᠤᠳᠠᠬᠤ ᠦᠭᠡᠢ ᠢᠷᠡᠨ᠎ᠡ᠃》
ᠭᠤᠤᠯᠲᠣ ᠳᠣᠷ᠎ᠠ ᠦᠭᠡᠢ ᠰᠢᠭ ᠰᠠᠭᠤᠵᠣ ᠰᠥᠷᠥᠩᠵᠠᠪᠤᠨ ᠪᠢᠴᠢᠭᠦᠯᠥᠭ᠌ᠰᠡᠨ ᠨᠣᠭᠤᠭ᠎ᠠ ᠴᠠᠭ᠎ᠠ᠂ ᠠᠷᠢᠬᠢ ᠳᠠᠷᠠᠰᠤ᠎ᠶ᠋ᠢᠨ ᠨᠠᠷᠠ᠎ᠶ᠋ᠢ ᠲᠣᠭᠤᠮᠵᠢᠷ ᠮᠠᠭᠤᠲᠠᠢ ᠥᠵᠡᠭᠡᠳ᠄ 《ᠲᠡᠷᠨ ᠶᠡᠷᠥ᠎ᠠᠴᠠ ᠠᠷᠢᠬᠢ ᠤᠤᠭᠤᠳᠠᠭ ᠦᠭᠡᠢ᠂ ᠨᠢᠭᠡ ᠯᠨ ᠵᠥᠢᠯ᠎ᠤᠨ ᠤᠮᠳᠠᠭ᠎ᠠ ᠤᠣᠭᠤᠳᠠᠭ ᠪᠠᠢᠭ᠍ᠰᠠᠨ᠎ᠢ ᠴᠢ ᠪᠠᠷᠤᠭ ᠮᠠᠷᠲᠠᠭ᠍ᠰᠠᠨ ᠪᠠᠢᠬ᠎ᠠ?》 ᠭᠡᠳ ᠡᠲᠡᠭᠡᠳ ᠬᠠᠷᠠᠴᠠ᠎ᠪᠠᠷ ᠰᠥᠷᠥᠩᠵᠠᠪᠢ ᠬᠠᠷᠠᠨ᠎ᠠ᠃ ᠠᠭᠤᠷ ᠠᠮᠢᠰᠭᠤᠯ ᠲᠡᠷᠡᠭᠦᠬᠡᠨ᠎ᠳᠡᠭᠡᠨ ᠨᠥᠰᠡᠷ ᠪᠦᠭᠡᠳ ᠬᠠᠬᠢᠷ᠃ ᠰᠥᠷᠥᠩᠵᠠᠪ ᠳᠣᠲᠣᠷ᠎ᠠ᠎ᠪᠠᠨ 《ᠡᠭᠦᠷᠭᠡ ᠬᠦᠨᠳᠥ ᠪᠠᠢᠨ᠎ᠠ ᠳ᠋ᠠ᠂ ᠨᠡᠷ᠎ᠡ ᠨᠡᠷ᠎ᠡ᠎ᠪᠠᠨ ᠬᠦᠷᠲᠡᠯ᠎ᠡ ᠴᠡᠭᠡᠷᠯᠡᠭᠡᠳ᠂ ᠨᠢᠭᠡ ᠨᠢᠭᠡ᠎ᠪᠠᠨ 〈ᠲᠡᠷᠨ〉 ᠭᠡᠬᠦ᠌ ᠪᠣᠯᠣᠭ᠍ᠰᠠᠨ ᠶᠣᠮ ᠪᠠᠢᠨ᠎ᠠ》 ᠭᠡᠵᠦ᠍ ᠪᠣᠳᠣᠬᠤ᠎ᠶ᠋ᠢᠨ ᠲᠠᠱᠢᠷᠠᠮ᠄ 《ᠠ ᠲᠡᠢᠮᠥ᠍! ᠲᠠᠭ ᠮᠠᠷᠲᠠᠵᠠᠢ》 ᠭᠡᠵᠦ᠍ ᠥᠨᠡᠨ ᠱᠢᠭ ᠣᠪᠯᠠᠨ᠂ ᠲᠡᠷᠨ ᠤᠮᠳᠠᠭᠠᠶ᠋ᠢᠨᠢ ᠠᠪᠬᠤ᠎ᠪᠠᠷ ᠭᠠᠷᠬᠤ ᠮᠠᠶᠢᠭ᠍ᠯᠠᠨᠠ᠃ ᠭᠤᠤᠯᠲᠣ ᠮᠥᠨ ᠯᠨ ᠲᠠᠨᠢᠯ ᠪᠣᠰᠣ ᠡᠲᠡᠭᠡᠳ᠎ᠤᠨ ᠬᠠᠷᠠᠴᠠ᠎ᠪᠠᠷ ᠱᠢᠷᠪᠢᠵᠦ᠍ ᠠᠪᠣᠭ᠍ᠰᠠᠨ᠎ᠢᠶᠠᠨ᠄ 《ᠪᠢ ᠶᠠᠪᠣᠶ᠎ᠠ᠂ ᠲᠡᠢᠮᠥ᠍ ᠤᠮᠳᠠᠭ᠎ᠠ ᠬᠠᠮᠢᠭ᠎ᠠ ᠪᠠᠢᠬᠤ᠎ᠶ᠋ᠢ ᠴᠢ ᠮᠡᠳᠡᠬᠦ᠌ ᠦᠭᠡᠢ 》 ᠭᠡᠳ ᠪᠣᠰᠴᠤ᠌ ᠭᠠᠷᠪᠠ᠃
ᠰᠥᠷᠥᠩᠵᠠᠪ ᠪᠢ ᠶᠠᠪᠣᠶ᠎ᠠ ᠭᠡᠵᠦ᠍ ᠪᠣᠯᠢᠶᠠᠯᠴᠠᠭ᠍ᠰᠠᠨ ᠦᠭᠡᠢ᠃ ᠲᠡᠬᠦᠨ᠎ᠤ ᠰᠠᠨᠠᠭ᠎ᠠ᠎ᠨᠢ ᠲᠣᠳᠣᠷᠬᠠᠢ — ᠠᠰᠪᠠᠭᠠᠨᠠ ᠬᠦᠷᠴᠥ᠍ ᠢᠷᠡᠬᠦ᠌᠎ᠳᠤ᠄ 《ᠡᠨᠡ ᠤᠮᠳᠠᠭ᠎ᠠ᠎ᠶ᠋ᠢ ᠭᠤᠤᠯᠲᠣ ᠴᠢᠮ᠎ᠠ᠎ᠳᠤ ᠠᠪᠴᠢᠷᠠᠭ᠍ᠰᠠᠨ》 ᠭᠡᠪᠡᠯ ᠠᠭᠤᠷ ᠠᠮᠢᠰᠭᠤᠯ ᠡᠬᠢᠯᠡᠩᠭᠦᠲᠡ ᠳᠣᠯᠠᠭᠠᠨ ᠳᠡᠭᠡᠷ᠎ᠡ᠎ᠪᠠᠨ 《ᠵᠥᠭᠡᠯᠡᠬᠡᠨ》 ᠪᠣᠯᠴᠢᠬᠠᠨ᠎ᠠ ᠭᠡᠮᠡᠨ ᠭᠤᠷᠢᠳᠠᠵᠣ ᠪᠣᠢ᠃
ᠰᠥᠷᠥᠩᠵᠠᠪ ᠰᠠᠭᠤᠭᠠᠳ ᠬᠦᠯᠢᠶᠡᠨ᠎ᠡ᠃
ᠴᠠᠭ 7᠄ 25!
ᠰᠥᠷᠥᠩᠵᠠᠪ ᠵᠣᠭ᠍ᠰᠣᠭᠠᠳ ᠬᠦᠯᠢᠶᠡᠨ᠎ᠡ᠃
ᠴᠠᠭ 7᠄ 45!
ᠭᠠᠷ ᠤᠳᠠᠰᠤ᠎ᠨᠢ ᠭᠡᠨᠡᠳᠲᠡ ᠳᠣᠤᠭᠠᠷᠪᠠ᠄ 《ᠰᠥᠷᠥᠩᠵᠠᠪ ᠡ᠂ ᠴᠢ ᠬᠤᠲᠠ᠎ᠶ᠋ᠢᠨ ᠠᠷᠠᠳ᠎ᠤᠨ ᠡᠮᠨᠡᠯᠭᠡ᠎ᠶ᠋ᠢᠨ ᠬᠤᠷᠢᠶᠠᠨ᠎ᠳᠤ ᠲᠥᠷᠭᠡᠨ ᠬᠦᠷᠦᠭᠡᠳ ᠢᠷ᠎ᠡ!》
《ᠶᠠᠭᠠᠬᠢᠭ᠍ᠰᠠᠨ ᠪᠣᠢ?》
《ᠪᠢ ᠰᠠᠶᠢ ᠬᠤᠭᠤᠯᠠᠨ ᠭᠡᠷ᠎ᠲᠤ ᠣᠢᠷᠠᠲᠣᠵᠣ ᠣᠴᠢᠲᠠᠯ᠎ᠠ ᠭᠤᠤᠯᠲᠤ ᠭᠠᠷᠴᠤ᠌ ᠠᠯᠬᠤᠯᠠᠬᠤ᠎ᠨᠢ ᠬᠠᠷᠠᠭ᠍ᠳᠠᠪᠠ᠃ ᠪᠢ ᠭᠠᠢᠬᠠᠰᠭᠢᠨ ᠪᠠᠢᠵᠠᠩᠨᠠᠲᠠᠯᠠ᠂ ᠲᠡᠷᠨ ᠵᠠᠮ᠎ᠢᠶᠠᠷ ᠥᠩᠭᠡᠷᠡᠬᠦ᠌᠎ᠳᠡᠭᠡᠨ ᠮᠠᠱᠢᠨ ᠲᠡᠷᠭᠡ᠎ᠳᠤ ᠥᠰᠥᠷᠲᠡᠯᠡ ᠮᠥᠷᠭᠦᠭ᠌ᠳᠡᠯᠡ ! ᠰᠠᠨᠠᠮᠰᠠᠷ ᠦᠭᠡᠢ ᠥᠵᠡᠭ᠌ᠳᠡᠭ᠌ᠰᠡᠨᠲᠠᠢ᠂ ᠰᠠᠨᠳᠣᠷᠣᠭ᠍ᠰᠠᠨᠲᠠᠢ᠂ ᠪᠢ ᠮᠥᠨ ᠲᠡᠷᠭᠡ᠎ᠪᠠᠷ᠎ᠨᠢ ᠲᠡᠭᠦᠨ᠎ᠢ ᠡᠮᠨᠡᠯᠭᠡ᠎ᠳᠤ ᠬᠦᠷᠭᠡᠨ ᠠᠪᠣᠷᠠᠯᠲᠠ ᠬᠢᠯᠭᠡᠯ᠎ᠡ᠃ ᠶᠠᠭᠤ ᠴᠤ᠌ ᠭᠡᠰᠡᠨ ᠠᠶᠣᠯ᠎ᠠᠴᠠ ᠬᠡᠯᠳᠥᠷᠢᠪᠡ ᠁ ᠣᠳᠣ ᠰᠠᠶᠢ ᠭᠠᠷ ᠤᠳᠠᠰᠤ᠎ᠪᠠᠨ ᠨᠡᠭᠡᠭᠡᠵᠦ᠍ ᠪᠠᠢᠭ᠎ᠠ ᠮᠢᠨᠢ ᠡᠨᠡ ᠁》
ᠰᠥᠷᠥᠩᠵᠠᠪ ᠠᠮᠨ᠎ᠪᠠᠨ ᠨᠢᠭᠡ ᠠᠯᠠᠭᠠᠳᠠᠭᠠᠳ᠄ 《ᠵᠠ ᠵᠠ ᠮᠡᠳᠡᠯ᠎ᠡ᠂ ᠣᠳᠣ᠎ᠪᠠᠷ᠎ᠢᠶᠠᠨ!》 ᠭᠡᠭ᠌ᠰᠡᠭᠡᠷ ᠪᠣᠭ᠍ᠴᠣ ᠬᠤᠪᠴᠠᠰᠤ᠎ᠪᠠᠨ ᠱᠢᠭᠦᠷᠡᠨ ᠭᠤᠰ ᠦᠰᠦᠷᠪᠡ᠃
ᠬᠤᠶᠠᠷ ᠳᠣᠯᠤᠭ᠎ᠠ ᠬᠤᠨᠤᠭ᠎ᠤᠨ ᠳᠠᠷᠠᠭ᠎ᠠ ᠠᠰᠪᠠᠭᠠᠨᠠ 《ᠵᠠᠮ᠎ᠤᠨ ᠬᠦᠮᠥᠨ》 ᠢ᠋ ᠠᠪᠣᠷᠠᠭ᠍ᠰᠠᠨ᠂ 《ᠵᠠᠮ᠎ᠤᠨ ᠬᠦᠮᠥᠨ》 ᠨᠢ ᠠᠰᠪᠠᠭᠠᠨᠠᠳᠤ ᠲᠠᠯᠠᠷᠬᠠᠵᠤ᠂ ᠬᠤᠶᠠᠭᠤᠯᠨ ᠳᠣᠲᠣᠨᠣ᠎ᠪᠠᠷ ᠲᠡᠪᠡᠷᠢᠯᠴᠡᠭ᠌ᠰᠡᠨ ᠵᠢᠷᠣᠭ᠍ᠲᠤ ᠮᠡᠳᠡᠭᠡ ᠵᠠᠭᠤᠴᠢᠯᠠᠭᠤᠷ᠎ᠢᠶᠠᠷ ᠳᠠᠮᠵᠢᠵᠣ ᠪᠠᠢᠨ᠎ᠠ᠃