ᠪᠤᠷᠤᠭᠤ ᠬᠠᠷᠠᠭ᠍ᠰᠠᠨ ᠦᠷᠯᠦᠭᠡᠨᠤ ᠪᠢᠳᠡᠬᠦᠯᠡᠵᠦ᠍ ᠴᠢᠮᠬᠢᠭ᠌ᠰᠡᠨ ᠬᠡᠷᠡᠯ ᠭᠡᠭᠡ᠎ᠨᠢ ᠡᠭᠦᠯᠡᠨ ᠴᠠᠭᠠᠲᠠᠢ
ᠪᠢ ᠬᠡᠮᠡᠨ ᠰᠤᠨᠤᠭ᠍ᠰᠠᠨ ᠪᠤᠳᠤᠯ᠎ᠤᠨ ᠤᠷᠲᠤ ᠵᠦᠷᠢᠭ ᠠᠭᠤᠯᠠᠰ ᠲᠠᠪᠠᠨ ᠤᠳᠭᠤᠨᠢ ᠤᠰᠤᠨ᠎ᠤ ᠨᠠᠭᠠᠲᠠᠢ
ᠪᠦᠷᠦᠯᠵᠡᠨ ᠲᠤᠷᠤᠯᠵᠠᠨ ᠨᠠᠮᠠᠶ᠋ᠢ ᠬᠠᠷᠠᠩᠭᠤᠢ᠎ᠳᠤ ᠳᠠᠰᠭᠠᠬᠤ ᠬᠦᠨ ᠤᠬᠠᠭᠠᠨ᠎ᠨᠢ ᠬᠡᠷᠡᠯ᠎ᠤᠨ ᠴᠠᠭᠠᠲᠠᠢ
ᠪᠠᠷᠢᠨ ᠲᠠᠯᠪᠢᠨ ᠴᠢᠮᠠᠶ᠋ᠢ ᠪᠤᠳᠤᠭᠠᠳ ᠰᠠᠭᠤᠬᠤ᠎ᠶ᠋ᠢᠨ ᠲᠤᠩᠭᠠᠯᠠᠭ ᠨᠢᠳᠦᠨ᠎ᠨᠢ ᠬᠠᠷᠠᠩᠭᠤᠢ᠎ᠶ᠋ᠢᠨ ᠨᠠᠭᠠᠲᠠᠢ
ᠬᠡᠷᠡᠯ᠎ᠢᠶᠠᠨ ᠬᠤᠷᠢᠶᠠᠵᠤ᠂ ᠠᠨᠢᠷ᠎ᠢᠶᠠᠨ ᠬᠤᠷᠢᠶᠠᠬᠤ᠎ᠳᠤᠨᠢ ᠪᠢ ᠰᠡᠳᠭᠢᠯ᠎ᠢᠶᠠᠨ ᠲᠠᠯᠪᠢᠳᠠᠬ
ᠮᠦᠷᠦᠭᠡᠳᠦᠯ ᠬᠡᠳᠡᠭ ᠮᠤᠷᠤᠢ ᠬ᠋ᠤᠤᠯ᠎ᠤᠨ ᠤᠷᠤᠰᠭᠠᠯ ᠬᠡᠲᠤᠯᠵᠦ᠍
ᠮᠦᠡᠭ᠌ᠭᠦᠨ ᠰᠠᠷᠠᠨ᠎ᠢ ᠮᠦᠡᠭ᠌ᠭᠡᠶ᠋ᠢᠨ ᠬᠤᠭᠤᠰᠤᠨ᠎ᠠᠴᠠ
ᠮᠦᠷᠦᠭᠡᠳᠦᠯ᠎ᠤᠨ ᠲᠦᠷᠢ᠎ᠳᠤ ᠳᠦᠭᠦᠷᠭᠡᠵᠦ᠍ ᠵᠢᠷᠤᠳᠠᠭ
ᠡᠰᠭᠡᠭ᠌ᠰᠡᠨ ᠲᠦᠷᠢ᠎ᠪᠠᠨ ᠴᠢᠨᠤ ᠬᠠᠷᠠᠴᠠᠨᠤ ᠬᠠᠯᠠᠭᠤᠨ᠎ᠢᠶᠠᠷ ᠠᠮᠢᠯᠠᠭᠤᠯᠤᠨ ᠰᠡᠷᠭᠦᠭᠡᠵᠦ᠍
ᠡᠭᠡᠱᠢᠭ ᠲᠤᠲᠠᠭᠤ ᠪᠦᠷᠦᠢ ᠠᠷᠠᠨᠱᠢᠨ᠎ᠢ ᠡᠳᠦᠷ᠎ᠤᠨ ᠰᠡᠭᠦᠯ ᠲᠡᠭᠡᠷ᠎ᠡ
ᠡᠪᠬᠡᠭᠡᠰᠦᠲᠡᠢ ᠵᠠᠬᠢᠳᠠᠯ᠎ᠢ ᠴᠢᠨᠢ ᠱᠢᠬ ᠵᠠᠳᠠᠯᠵᠤ ᠰᠠᠭᠤᠳᠠᠭ
ᠰᠡᠷᠡᠯ᠎ᠢᠶᠠᠨ ᠬᠤᠮᠢᠵᠤ᠂ ᠰᠡᠭᠦᠳᠡᠷ᠎ᠢᠶᠠᠨ ᠬᠤᠮᠢᠬᠤ᠎ᠳᠤᠨᠢ ᠪᠢ ᠲᠤᠷᠠᠰᠤᠯ᠎ᠢᠶᠠᠨ ᠲᠡᠯᠭᠡᠳᠡᠭ
ᠰᠠᠨᠠᠬ᠋᠎ᠠ ᠬᠡᠳᠡᠭ ᠰᠠᠷᠠᠭᠤᠯ ᠲᠠᠯ᠎ᠠ᠎ᠶ᠋ᠢᠨ ᠰᠠᠯᠬᠢ ᠲᠠᠭᠠᠵᠤ
ᠰᠠᠬ᠍ᠭᠠᠬ᠍ᠰᠠᠨ ᠦᠳᠡᠰᠢ᠎ᠶ᠋ᠢ ᠰᠠᠯᠬᠤ᠎ᠶ᠋ᠢᠨ ᠲᠠᠪᠢᠯᠠᠩ᠎ᠠᠴᠠ
ᠰᠠᠢᠬᠠᠨ᠎ᠤ ᠬᠦᠨᠵᠡᠭᠡᠢ᠎ᠳᠤ ᠪᠤᠯᠢᠶᠠᠵᠤ ᠪᠤᠳᠤᠳᠠᠭ
ᠰᠠᠨᠠᠭ᠎ᠠ ᠠᠯᠳᠠᠯᠲᠠ᠎ᠪᠠᠨ ᠴᠢᠨᠤ ᠨᠡᠷ᠎ᠡ᠎ᠶ᠋ᠢᠨ ᠤᠷᠲᠤ᠎ᠪᠠᠷ ᠠᠮᠤᠷᠵᠢᠭᠤᠯᠤᠨ ᠲᠤᠬ᠍ᠲᠠᠭᠠᠵᠤ
ᠰᠡᠭᠦᠷᠡᠰᠦ ᠢᠯᠡᠭᠦᠤ ᠰᠦᠨᠢ᠎ᠶ᠋ᠢᠨ ᠤᠷᠤᠱᠢᠯᠢ ᠡᠭᠦᠯᠡᠨ ᠬᠦᠱᠢᠭᠡᠨ ᠳᠡᠭᠡᠷ᠎ᠡ
ᠰᠡᠯᠭᠦᠬᠦ᠌ ᠬ᠋ᠠᠭ᠍ᠴᠠᠭᠠᠷᠳᠠᠯ ᠮᠡᠲᠦ ᠱᠢᠭᠢᠳᠭᠡᠵᠦ᠍ ᠨᠠᠢᠷᠠᠳᠠᠭ
ᠬᠠᠷᠠᠩᠭᠤᠢ ᠤᠷᠭᠤᠵᠤ᠂ ᠬᠠᠷᠠᠴᠠ ᠠᠯᠳᠠᠭᠤᠷᠠᠬᠤ᠎ᠳᠤᠨᠢ ᠪᠢ ᠬᠠᠢᠷ᠎ᠠ᠎ᠪᠠᠨ ᠰᠡᠬᠦᠳᠡᠭ
ᠬᠠᠪᠤᠷ᠎ᠤᠨ ᠪᠦᠷᠦᠢ᠂ ᠨᠠᠮᠤᠷ᠎ᠤᠨ ᠦᠳᠡᠰᠢ᠎ᠶ᠋ᠢᠨ ᠬᠠᠯᠠᠭᠤᠨ ᠬ᠋ᠤᠨᠢᠬᠢ ᠨᠡᠪᠲᠡᠯᠵᠦ᠍
ᠬᠠᠷᠠᠬᠠᠨ ᠭᠡᠵᠢᠭᠡ᠎ᠶ᠋ᠢ ᠴᠢᠨᠢ ᠰᠡᠳᠭᠢᠯ᠎ᠳᠡᠭᠡᠨ ᠰᠡᠪᠢᠯᠵᠡᠭᠦᠯᠵᠦ᠍ ᠢᠯᠪᠢᠳᠡᠭ
ᠬᠠᠳᠠᠩᠱᠢᠬ᠍ᠰᠠᠨ ᠦᠭᠡ ᠮᠡᠲᠦ ᠱᠢᠨᠡᠬᠡᠨ ᠪᠤᠷᠤᠭᠠᠨ ᠬᠠᠨᠴᠤᠢ ᠲᠡᠭᠡᠷ᠎ᠡ ᠴᠡᠴᠡᠭ᠌ᠯᠡᠬᠦ᠌᠎ᠳᠤ
ᠬᠤᠷᠤᠭᠤᠨ ᠬᠡ ᠲᠡᠭᠡᠷ᠎ᠡ ᠠᠯᠠᠭᠠᠨ᠎ᠤ ᠴᠢᠨᠢ ᠢᠯᠴᠢ ᠬᠠᠭᠤᠴᠢᠨ ᠳᠤᠷᠠᠳᠭᠠᠯ ᠪᠤᠯᠵᠤ ᠲᠡᠯᠭᠡᠷᠡᠳᠡᠭ
ᠬᠠᠮᠢᠬ᠋᠎ᠠ ᠨᠢᠭᠡᠨ ᠲᠡᠢᠰᠢ ᠰᠡᠳᠭᠢᠯ᠎ᠢᠶᠠᠨ ᠴᠢᠮ᠎ᠠ᠎ᠲᠠᠢ ᠴᠤᠬ ᠬᠠᠨᠤᠲᠠᠯ᠎ᠠ ᠠᠯᠬᠤᠭᠤᠯᠵᠤ ᠠᠯᠬᠤᠭᠤᠯᠤᠭᠠᠳ
ᠬᠠᠭᠤᠴᠢᠨ ᠬᠤᠲᠠ᠎ᠶ᠋ᠢᠨ ᠵᠡᠭᠦᠨᠲᠡᠢ᠎ᠠᠴᠠ ᠰᠡᠭᠦᠳᠡᠷᠲᠠᠢᠪᠠᠨ ᠬᠠᠨᠢᠰᠠᠵᠦ ᠪᠤᠴᠠᠳᠠᠬ
ᠰᠡᠭᠦᠷᠡᠰᠦ ᠱᠢᠭ ᠰᠠᠢᠬᠠᠨ ᠴᠡᠩᠬᠡᠷ ᠪᠦᠷᠦᠢ ᠰᠡᠮ ᠢᠷᠡᠵᠦ᠍ ᠶᠠᠪᠤᠨ᠎ᠠ
ᠰᠡᠷᠢᠬᠦᠭᠡᠨ ᠪᠤᠯᠠᠬ ᠱᠢᠬ ᠰᠡᠳᠭᠢᠯ᠎ᠤᠨ ᠲᠤᠩᠭᠠᠯᠠᠭ ᠨᠠᠳᠠ᠎ᠠᠴᠠ ᠤᠷᠤᠰᠴᠤ᠌ ᠤᠳᠤᠨ᠎ᠠ
ᠱᠢᠪᠡᠨᠡᠭ᠌ᠰᠡᠨ ᠦᠬᠡᠰ ᠱᠢᠪᠠᠭᠤᠳ ᠬᠤᠪᠢᠯᠤᠨ ᠨᠢᠳᠦ᠍᠎ᠨᠢ ᠤᠳᠤ ᠱᠢᠬ ᠠᠰᠠᠵᠤ
ᠰᠠᠶᠢᠬᠠᠨ ᠤᠨᠠᠭ᠍ᠰᠠᠨ ᠨᠢᠬᠡᠨ ᠨᠠᠪᠴᠢᠨ᠎ᠳᠤ ᠵᠢᠷᠦᠬᠡ ᠲᠠᠷᠤᠯᠴᠠᠨ ᠭᠠᠵᠠᠷ ᠰᠡᠮᠡᠷᠡᠲᠡᠯᠡ ᠠᠮᠢᠰᠭᠤᠭᠠᠳᠠᠵᠤ ᠁