— ᠵᠠᠮᠴᠠᠭᠠᠨᠤ 《ᠴᠠᠭ ᠬᠤᠭᠤᠴᠠᠭᠠᠨ᠎ᠤ ᠴᠠᠭᠠᠨ ᠠᠶᠠᠯᠭᠤ》 ᠬᠡᠬᠦ᠌ ᠱᠢᠯᠦᠭ᠎ᠤᠨ ᠲᠡᠬᠦᠪᠦᠷᠢ ᠵᠢ ᠤᠡᠭᠰᠢᠭᠠᠳ
ᠵᠠᠮᠴᠠᠭᠠᠨᠤ 《ᠴᠠᠭ ᠬᠤᠭᠤᠴᠠᠭᠠᠨ᠎ᠤ ᠴᠠᠭᠠᠨ ᠠᠶᠠᠯᠭᠤ》 ᠬᠡᠬᠦ᠌ ᠱᠢᠯᠦᠭ ᠤᠨ ᠲᠡᠬᠦᠪᠦᠷᠢ᠎ᠶ᠋ᠢ ᠤᠩᠱᠢᠭᠠᠳ ᠲᠡᠬᠦᠨ᠎ᠤ ᠱᠢᠯᠦᠭ ᠠᠮᠢᠳᠤᠷᠠᠯ᠎ᠠᠴᠠ ᠲᠤᠩ ᠤᠢᠷᠠᠬᠠᠨ ᠬᠡᠰᠡᠨ᠎ᠢ ᠮᠡᠳᠡᠭ᠌ᠰᠡᠨ ᠶᠤᠮ᠃ ᠴᠠᠭ ᠬᠤᠭᠤᠴᠠᠭ᠎ᠠ ᠠᠮᠢᠳᠤᠷᠠᠯ᠎ᠤᠨ ᠤᠯᠠᠨ ᠲᠤᠷᠠᠰᠤᠮᠵᠢ ᠪᠦᠬᠦᠢ ᠰᠡᠳᠦᠪ ᠪᠤᠯ ᠲᠡᠬᠦᠨ᠎ᠤ ᠱᠢᠯᠦᠭ᠎ᠤᠨ ᠡᠬᠢ ᠢᠷᠡᠯ ᠪᠤᠯᠤᠨ᠎ᠠ᠃
ᠨᠢᠬᠡ᠂ ᠠᠮᠢ ᠨᠠᠰᠤᠨ᠎ᠤ ᠠᠭᠤᠳᠠᠯᠤᠯ
14 —16 ᠳ᠋ᠤᠭᠠᠷ ᠵᠠᠭᠤᠨ᠎ᠤ ᠡᠸᠦ᠋ᠷᠥᠫᠠ᠎ᠶ᠋ᠢᠨ ᠤᠳᠭ᠎ᠠ ᠤᠷᠠᠯᠢᠭ᠎ᠤᠨ ᠰᠡᠷᠬᠦᠨ ᠮᠠᠨᠳᠤᠯᠳᠠ᠎ᠶ᠋ᠢᠨ ᠦᠶ᠎ᠡ᠎ᠶ᠋ᠢᠨ ᠵᠤᠬᠢᠶᠠᠯ᠎ᠳᠤ ᠬᠦᠮᠤᠨ᠎ᠢᠶᠠᠷ ᠭᠤᠤᠯ ᠪᠤᠯᠭᠠᠭ᠍ᠰᠠᠨ ᠬᠦᠮᠦᠯᠢᠭ ᠦᠵᠡᠯ᠎ᠤᠨ ᠤᠳᠭ᠎ᠠ ᠵᠤᠬᠢᠶᠠᠯ ᠰᠡᠷᠬᠦᠨ ᠮᠠᠨᠳᠤᠭ᠍ᠰᠠᠨ ᠪᠠᠢᠳᠠᠭ᠃ ᠲᠡᠷᠡ᠎ᠨᠢ ᠪᠤᠷᠬᠠᠨ ᠰᠠᠬᠢᠭᠤᠯᠰᠤᠨ᠎ᠢ ᠲᠡᠭ᠌ᠷᠢ᠎ᠳᠤᠨᠢ ᠪᠤᠴᠠᠭᠠᠵᠦ᠍ ᠬᠦᠮᠤᠨ᠎ᠢᠶᠠᠷ ᠦᠨᠳᠦᠰᠦ ᠪᠤᠯᠭᠠᠵᠦ᠍ ᠬᠦᠮᠤᠨ᠎ᠤ ᠡᠷᠬᠡ ᠮᠡᠳᠡᠯ᠎ᠢ ᠬᠦᠨᠳᠦᠳᠭᠡᠨ ᠤᠯᠤᠰ ᠤᠷᠤᠨ᠎ᠤ ᠨᠢᠬᠡᠳᠦᠯᠢ ᠵᠤᠷᠢᠵᠦ᠍ ᠱᠢᠨᠵᠢᠯᠡᠬᠦ᠌ ᠤᠬᠠᠭᠠᠨ᠎ᠢ ᠡᠷᠬᠢᠮᠯᠡᠨ᠂ ᠠᠷᠠᠳᠴᠢᠯᠠᠯ᠎ᠢ ᠲᠡᠬᠡᠳᠦᠯᠡᠵᠦ᠍ ᠬᠦᠮᠤᠨ ᠴᠢᠨᠠᠷ᠎ᠢ ᠰᠤᠷᠳᠠᠯᠴᠢᠯᠠᠳᠠᠭ᠃ ᠵᠠᠮᠴᠠᠭᠠᠨ ᠱᠢᠯᠦᠭ ᠲᠡᠭᠡᠨ ᠬᠦᠮᠤᠨ᠎ᠤ ᠤᠶᠤᠨ ᠤᠬᠠᠭᠠᠨ᠎ᠤ ᠬᠡᠬᠡᠷᠡᠯᠢ ᠪᠢᠴᠢᠵᠦ᠍ ᠬᠦᠮᠤᠨᠴᠢ ᠴᠢᠨᠠᠷ᠎ᠤᠨ ᠢᠯᠡᠷᠡᠬᠦᠯᠦᠯᠳᠡ ᠱᠢᠨ᠎ᠡ ᠠᠮᠢᠯᠠᠯ᠎ᠢᠶᠠᠨ ᠤᠯᠵᠠᠢ᠃ ᠲᠡᠷᠡ ᠦᠪᠡᠷ᠎ᠢ᠎ᠪᠠᠨ ᠱᠢᠬᠦᠮᠵᠢᠯᠡᠨ ᠦᠪᠡᠷ᠎ᠢ᠎ᠪᠠᠨ ᠲᠠᠨᠢᠵᠦ᠍ ᠨᠠᠷᠮᠠᠢ ᠬᠠᠢᠷ᠎ᠠ᠎ᠶ᠋ᠢᠨ ᠤᠬᠠᠮᠰᠠᠷ᠎ᠢ ᠲᠡᠬᠡᠳᠦᠯᠡᠨ ᠠᠯᠢᠪᠠ ᠮᠠᠭᠤ ᠴᠢᠨᠠᠷ᠎ᠢᠶᠠᠨ ᠤᠷᠬᠢᠨ ᠪᠠᠢᠭᠠᠯᠢ ᠨᠡᠢᠬᠡᠮ᠎ᠲᠠᠢ ᠡᠶ᠎ᠡ ᠵᠤᠬᠢᠴᠠᠨ ᠠᠮᠢᠳᠤᠷᠠᠬᠤ᠎ᠶ᠋ᠢ ᠵᠤᠷᠢᠳᠠᠭ᠃ 《ᠢᠷᠭᠡᠨ᠎ᠤ ᠲᠦᠷᠦᠯᠬᠢ᠎ᠶ᠋ᠢᠨ ᠮᠠᠭᠤ ᠴᠢᠨᠠᠷ᠎ᠢ ᠢᠷᠭᠡᠨ᠎ᠤ ᠤᠳᠤᠮ ᠮᠠᠭᠤᠳᠤ ᠴᠢᠨᠠᠷ ᠬᠡᠮᠡᠨ ᠬᠡᠯᠡᠵᠦ᠍ ᠪᠤᠯᠤᠨ᠎ᠠ᠃ ᠁ ᠰᠠᠢᠴᠤᠩᠭ᠎ᠠ᠎ᠶ᠋ᠢᠨ ᠲᠤᠷᠠᠳᠤᠭ᠍ᠰᠠᠨ ᠮᠠᠭᠤ ᠬᠡᠮ ᠭᠡᠳᠡᠭ᠎ᠨᠢ ᠢᠷᠭᠡᠨ᠎ᠤ ᠤᠶᠤᠨ ᠰᠠᠨᠠᠭᠠᠨ᠎ᠤ ᠡᠪᠡᠳᠴᠢᠯᠢᠭ ᠱᠢᠨᠵᠢ᠂ ᠮᠢᠨᠴᠦᠬᠦᠷᠡᠮᠡᠯ ᠱᠢᠨᠵᠢ᠂ ᠪᠤᠭᠤᠯᠴᠢ ᠱᠢᠨᠵᠢ᠎ᠶ᠋ᠢ ᠬᠡᠯᠡᠵᠠᠢ》 ᠬᠡᠵᠤ ᠲᠤᠷᠤᠨᠠᠲ᠋ᠡᠭ᠌ᠷᠢ ᠪᠠᠬᠰᠢ ᠡᠴᠡ 《ᠰᠡᠭᠡᠭᠡᠳᠡᠨ ᠵᠤᠬᠢᠶᠠᠯᠴᠢᠳ ᠬᠢᠭᠡᠳ ᠲᠡᠬᠦᠨ᠎ᠤ ᠦᠨᠳᠦᠰᠦᠨ ᠱᠢᠬᠦᠮᠵᠢᠯᠡᠭ᠌ᠳᠡᠬᠦᠨ》ᠬᠡᠬᠦ ᠦᠬᠦᠯᠡᠯ᠎ᠳᠡᠭᠡᠨ ᠢᠯᠡᠳᠭᠡᠭᠰᠡᠨ ᠪᠠᠢᠳᠠᠭ᠃ ᠬᠦᠮᠤᠨ᠎ᠤ ᠵᠠᠩ ᠠᠪᠤᠷᠢ᠎ᠳᠤ ᠢᠯᠡᠷᠡᠳᠡᠭ ᠬᠠᠭᠤᠷᠮᠠᠭ᠍ᠯᠠᠯ᠂ ᠤᠪᠯᠠᠯ᠂ ᠬᠦᠭ᠌ᠰᠡᠯ᠂ ᠬᠦᠬᠡᠷᠦᠯᠠᠴᠠ ᠢᠯᠡᠬᠦᠦ᠍ᠲᠠᠢ ᠠᠮᠢ ᠨᠠᠰᠤᠨ᠎ᠤ ᠡᠬᠡᠯ ᠶᠡᠷᠦᠮᠳᠡᠭᠢ ᠲᠡᠷᠡ ᠨᠡᠩ ᠢᠳᠡᠬᠡᠳᠡᠭ᠃ ᠲᠡᠢᠮᠦ᠍᠎ᠠᠴᠠ᠎ᠪᠠᠨ 《ᠲᠡᠳᠡᠭᠡᠷ ᠰᠠᠢᠨ ᠰᠠᠢᠬᠠᠨ ᠪᠦᠬᠦᠨ᠎ᠳᠤ ᠪᠢ ᠦᠷᠭᠦᠯᠵᠢ ᠠᠭᠤᠰᠤᠨᠠᠮ》 ᠬᠡᠰᠡᠨ ᠱᠢᠯᠦᠭ ᠲᠡᠭᠡᠨ᠄
《ᠬᠠᠷᠠᠬᠤ᠎ᠳᠤ ᠡᠪ ᠡᠩ᠎ᠤᠨ
ᠬᠠᠳᠠ ᠴᠢᠯᠠᠭᠤ ᠡᠪᠡᠰᠦ ᠮᠤᠳᠤ ᠮᠡᠳᠦ᠍᠎ᠶ᠋ᠢᠨ
ᠬᠠᠮᠤᠭ ᠪᠤᠷᠤᠭ᠍ᠵᠢᠭᠤᠨ ᠠᠪᠠᠴᠤ᠌ ᠡᠭᠡᠯ ᠦᠨᠡᠨ ᠵᠦᠢᠯᠡᠰ᠎ᠲᠤ ᠯᠠ ᠪᠢ ᠦᠬᠦᠨ ᠲᠤᠷᠠᠯᠠᠨᠠᠮ ᠡ》 ᠬᠡᠵᠦ᠍ ᠡᠬᠡᠯ ᠵᠢᠷ᠎ᠤᠨ ᠠᠮᠢᠳᠠᠨ ᠤᠷᠭᠤᠮᠠᠯ᠎ᠤᠨ ᠤᠭ ᠴᠢᠨᠠᠷ᠎ᠢ ᠠᠭᠤᠳᠠᠯᠤᠨ ᠦᠪᠡᠷ᠎ᠢᠶᠠᠨ ᠲᠡᠳᠡᠨ᠎ᠲᠠᠢ ᠠᠭᠤᠰᠤᠯᠳᠤᠬᠤ᠎ᠶ᠋ᠢ ᠬᠦᠰᠡᠵᠡᠢ᠃ ᠲᠡᠷᠡ ᠡᠪᠡᠰᠦ ᠤᠷᠭᠤᠮᠠᠯ᠎ᠤᠨ ᠴᠢᠨᠠᠷ᠎ᠢ ᠦᠬᠦᠯᠡᠬᠦᠳ᠋ᠡᠭᠡᠨ ᠬᠦᠮᠤᠨ᠎ᠤ ᠴᠢᠨᠠᠷᠲᠠᠢ ᠬᠠᠷᠢᠴᠠᠭᠤᠯᠤᠨ ᠲᠤᠯᠢᠳᠭᠠᠵᠦ᠍᠄
《 ᠦᠯᠡᠮᠵᠢ ᠪᠠᠷᠳᠠᠭ᠎ᠠ᠎ᠲᠤ ᠠᠭᠤᠯᠠᠨ ᠬᠠᠪᠴᠢᠯ᠎ᠳᠤ
ᠦᠭᠡ ᠲᠠᠭᠤᠨ ᠦᠬᠡᠢ ᠪᠢᠱᠢᠬᠦᠷᠭᠡᠨ ᠭᠠᠩᠬᠤᠬᠤ ᠠᠬ᠍ᠯᠠᠭᠤᠨ ᠴᠡᠴᠡᠭᠡᠰ ᠮᠡᠲᠦ
ᠦᠩᠬᠡ ᠲᠠᠷᠤᠤᠬᠠᠨ᠂ ᠡᠭᠡᠯ ᠪᠤᠷᠤᠬᠠᠨ᠂ ᠡᠩ ᠵᠢᠷ᠎ᠤᠨ ᠲᠡᠳᠡᠭᠡᠷ ᠪᠦᠬᠦᠨ᠎ᠳᠤ
ᠪᠢᠳᠡᠨ᠎ᠳᠤ ᠪᠠᠢᠳᠠᠭ ᠬᠠᠢᠷ᠎ᠡ ᠡᠩᠭᠦᠷᠡᠢᠯᠡᠯ᠂ ᠦᠱᠢᠶᠡ ᠬᠤᠨᠵᠢᠩ᠂ ᠱᠢᠨᠤᠯ ᠲᠠᠢᠰᠤᠩᠨᠠᠯ ᠭᠡᠵᠦ᠍ ᠪᠠᠢᠭ᠎ᠠ ᠦᠬᠡᠢ
ᠪᠢᠳᠡᠬᠦᠭᠡᠨᠳᠤᠪᠠᠨ ᠭᠤᠣᠯ ᠭᠤᠷᠤᠢᠯᠭᠠᠵᠦ᠍ ᠵᠢᠷᠦᠬᠡ ᠵᠦᠰᠦᠬᠦ᠌
ᠪᠢᠱᠢᠬᠦᠢ ᠭᠤᠮᠤᠳᠠᠯ᠂ ᠲᠠᠵᠢᠬᠦᠢ ᠭᠤᠨᠢᠭ ᠭᠡᠵᠦ᠍ ᠪᠠᠢᠭ᠎ᠠ ᠦᠬᠡᠢ 》 ᠬᠡᠵᠦ᠍ ᠪᠤᠳᠤᠯ ᠰᠡᠳᠭᠢᠯᠬᠡ᠎ᠠᠴᠠ ᠪᠤᠯᠤᠭ᠍ᠰᠠᠨ ᠬᠦᠮᠤᠨ᠎ᠤ ᠵᠠᠩ ᠠᠷᠠᠨᠱᠢᠨ ᠵᠡᠷᠬᠡ᠎ᠶ᠋ᠢᠨ ᠠᠯᠢ ᠮᠠᠭᠤᠬᠠᠢ ᠴᠢᠨᠠᠷ᠎ᠢ ᠬᠠᠷᠢᠴᠠᠭᠤᠯᠤᠨ ᠬᠠᠷᠠᠭᠤᠯᠵᠠᠢ᠃ ᠮᠦᠨ ᠴᠤ᠌ 《ᠪᠢ》 ᠪᠤᠢ ᠪᠠ 《ᠪᠢ》 ᠦᠬᠡᠢ᠎ᠶ᠋ᠢᠨ ᠢᠯᠭᠠᠭ᠎ᠠ ᠵᠦᠷᠢᠶ᠎ᠡ᠎ᠶ᠋ᠢ ᠦᠵᠡᠬᠦᠯᠵᠦ᠍ ᠬᠦᠮᠤᠨ᠎ᠤ ᠤᠶᠤᠨ ᠤᠬᠠᠭᠠᠨ᠎ᠢ ᠨᠡᠬᠡᠬᠡᠵᠦ᠍ ᠤᠭ ᠴᠢᠨᠠᠷ ᠲᠠᠭᠠᠨ ᠪᠤᠴᠠᠵᠦ᠍ ᠦᠨᠡᠨ ᠡᠬᠡᠯ ᠲᠠᠷᠤᠤᠬᠠᠨ ᠠᠮᠢᠳᠤᠷᠠᠬᠤ᠎ᠶ᠋ᠢ ᠬᠦᠰᠡᠮᠵᠢᠯᠡᠵᠡᠢ᠃ ᠦᠪᠡᠷ᠎ᠢ᠎ᠪᠠᠨ ᠬᠤᠳᠠᠯ ᠬᠡᠯᠡᠵᠦ᠍ ᠡᠰᠡ ᠴᠢᠳᠠᠬᠤ ᠰᠡᠳᠭᠢᠯᠬᠡ᠎ᠶ᠋ᠢᠨ ᠭᠤᠨᠢᠭ ᠪᠦᠬᠦᠨ ᠪᠢᠳᠡᠨ᠎ᠢ ᠲᠠᠭᠠᠭᠤᠯᠵᠦ᠍ ᠬᠤᠷᠸ᠎ᠠ ᠲᠠᠭᠤᠰᠳᠠᠯ᠎ᠠ ᠲᠤᠭᠤᠷᠢᠳᠠᠭ᠂ ᠲᠡᠬᠡᠬᠦ᠌ᠳᠤ ᠴᠢᠨᠤ ᠮᠦᠨ ᠴᠢᠨᠠᠷ ᠴᠢᠨᠢ ᠲᠠᠷᠤᠭ᠍ᠳᠠᠵᠦ᠍ ᠦᠪᠡᠷ᠎ᠤᠨ ᠬᠦᠰᠡᠯ ᠱᠢᠨᠤᠯ᠎ᠢᠶᠠᠨ ᠬᠦᠢᠴᠡᠬᠡᠬᠦ᠌ᠶ᠋ᠢᠨ ᠲᠦᠯᠦᠬᠡ ᠬᠦᠮᠤᠰ ᠡᠮᠤᠨᠡᠰᠢ ᠵᠢᠳᠬᠦᠯᠡᠳᠡᠭ᠃ ᠡᠨᠡ ᠦᠶ᠎ᠡ᠎ᠳᠤ ᠡᠬᠡᠯ ᠲᠠᠢᠪᠤᠩ ᠰᠠᠢᠨ ᠰᠠᠢᠬᠠᠨ ᠪᠦᠬᠦᠨ᠎ᠠᠴᠠ ᠬᠤᠯᠠᠳᠠᠵᠦ᠍ ᠬᠦᠮᠤᠰ ᠬᠤᠷᠸ᠎ᠠ᠎ᠶ᠋ᠢᠨ ᠤᠯᠠᠭᠠᠨ ᠲᠤᠭᠤᠰᠤᠨ᠎ᠤ ᠬᠦᠯ ᠦᠢᠮᠡᠬᠡᠨ᠎ᠳᠤ ᠠᠭᠠᠵᠢᠮ ᠪᠠᠯᠠᠷᠠᠳᠠᠭ᠃ ᠬᠠᠷᠢᠨ ᠲᠡᠬᠡᠬᠦ᠌ᠳᠤ ᠱᠢᠯᠦᠭ᠌ᠴᠢ ᠲᠡᠷᠡ ᠪᠦᠬᠦᠨ᠎ᠢ ᠬᠦᠨ ᠲᠤᠯᠢᠳᠠᠵᠦ᠍ ᠬᠡᠵᠢᠶᠡᠳᠡ ᠠᠮᠢᠳᠤᠷᠠᠯ᠎ᠤᠨ ᠦᠨᠡᠨ᠎ᠳᠤ ᠠᠭᠤᠰᠭᠤ᠎ᠶ᠋ᠢ ᠬᠦᠰᠡᠮᠵᠢᠯᠡᠳᠡᠭ᠃ ᠡᠨᠡ ᠪᠤᠯ ᠲᠡᠬᠦᠨ᠎ᠤ ᠱᠢᠯᠦᠭ᠎ᠤᠨ ᠤᠷᠠᠯᠢᠭ᠎ᠤᠨ ᠬᠦᠨ ᠶᠤᠰᠤ ᠪᠤᠯᠤᠨ᠎ᠠ᠃
《ᠦᠬᠡᠢ ᠬᠤᠭᠤᠰᠤᠨ ᠭᠡᠳᠡᠭ᠎ᠠᠴᠠ ᠢᠯᠡᠭᠦᠤ
ᠦᠨᠡᠨ ᠠᠷᠢᠭᠤᠨ ᠴᠡᠪᠡᠷ ᠨᠡᠨᠳᠢᠨ ᠴᠢᠨᠠᠷ ᠬᠠᠮᠢᠭ᠎ᠠ ᠪᠠᠢᠬᠤ ᠪᠢᠯᠡ
ᠡᠭᠦᠰᠭᠡᠯ ᠲᠡᠭᠦᠰᠭᠡᠯ᠎ᠤᠨ ᠭᠠᠳᠠᠨ᠎ᠠ ᠲᠦᠷᠰᠦ ᠦᠭᠡᠢ ᠤᠷᠤᠱᠢᠭ᠍ᠰᠠᠨ
ᠦᠵᠡᠬᠦ᠌᠎ᠳᠤ ᠡᠭᠡᠯ ᠴᠤ᠌ ᠰᠠᠢᠨ ᠰᠠᠢᠬᠠᠨ ᠲᠡᠳᠡᠭᠡᠷ ᠡᠭᠡᠯ ᠪᠤᠷᠤᠬᠠᠨ ᠪᠦᠬᠦᠨ᠎ᠳᠤ
ᠦᠷᠬᠦᠯᠵᠢ ᠱᠢᠳᠦᠵᠦ᠍ ᠪᠢ ᠵᠢᠷᠦᠭᠡ ᠰᠡᠳᠭᠢᠯ᠎ᠢᠶᠠᠷ᠎ᠢᠶᠠᠨ ᠰᠦᠭᠦᠷᠡᠨᠡᠮ》 ᠬᠡᠵᠦ᠍ ᠲᠡᠷᠡ ᠱᠢᠯᠦᠭ᠎ᠲᠡᠭᠡᠨ ᠬᠦᠮᠤᠨ᠎ᠤ ᠵᠠᠩ ᠠᠷᠠᠨᠱᠢᠨᠤ ᠮᠠᠭᠤ ᠮᠠᠭᠤᠬᠠᠢ᠎ᠠᠴᠠ ᠵᠠᠯᠬᠠᠨ ᠡᠬᠡᠯ ᠪᠤᠷᠤᠬᠠᠨ ᠦᠨᠡᠨ ᠢᠷᠠᠭᠤ ᠵᠦᠢᠯ ᠤᠷᠤᠭᠤ ᠦᠪᠡᠷ᠎ᠢ᠎ᠪᠠᠨ ᠵᠤᠷᠢᠭᠤᠯᠵᠦ᠍ ᠠᠭᠤᠰᠤᠨ ᠵᠢᠷᠭᠠᠬᠤ᠎ᠶ᠋ᠢᠨ ᠬᠦᠰᠡᠯ᠎ᠢᠶᠠᠨ ᠦᠬᠦᠯᠡᠵᠡᠢ᠃ ᠦᠪᠡᠷ᠎ᠢ᠎ᠪᠠᠨ ᠮᠠᠷᠳᠠᠭ᠍ᠰᠠᠨ ᠡᠬᠡᠯ ᠪᠤᠷᠤ ᠲᠠᠷᠤᠤ ᠪᠤᠷᠤᠭ᠍ᠵᠢᠭᠤᠨ᠎ᠳᠤ ᠦᠪᠡᠷ ᠪᠢ ᠮᠠᠷᠳᠠᠭ᠍ᠳᠠᠨᠠ᠃ ᠡᠬᠡᠯ ᠪᠤᠷᠤ ᠲᠠᠷᠤᠤ ᠪᠤᠷᠤᠭ᠍ᠵᠢᠭᠤᠨ᠎ᠨᠢ ᠲᠡᠬᠦᠨ᠎ᠤ ᠠᠮᠢᠳᠤᠷᠠᠯ᠎ᠤᠨ ᠵᠤᠷᠢᠯᠭ᠎ᠠ ᠪᠤᠯᠤᠭ᠍ᠰᠠᠨ ᠤᠴᠢᠷ ᠲᠡᠷᠡ ᠦᠪᠡᠷ ᠪᠢᠪᠠᠨ ᠬᠠᠮᠤᠭ ᠤᠷᠢᠳ᠎ᠢᠶᠠᠷ ᠤᠷᠬᠢᠨ᠎ᠠ᠃ ᠪᠢ ᠲᠠᠪᠠᠷᠠᠭ᠍ᠰᠠᠨ ᠤᠷᠴᠢᠯᠠᠩ᠎ᠨᠢ ᠪᠢ ᠦᠬᠡᠢ ᠤᠷᠤᠱᠢᠬᠤᠢ᠎ᠳᠤ ᠱᠢᠷᠬᠠᠳᠤᠯ ᠦᠭ᠌ᠴᠦ ᠴᠢᠳᠠᠬᠤ ᠦᠬᠡᠢ᠃ ᠲᠡᠬᠡᠬᠦ᠌ᠠᠴᠠ ᠪᠢ ᠪᠤᠯ ᠬᠡᠷᠡᠭ ᠤᠴᠢᠷ᠎ᠤᠨ ᠦᠨᠳᠦᠰᠦ᠂ ᠬᠦᠮᠤᠨ᠎ᠤ ᠵᠠᠶᠠᠭ᠎ᠠ ᠲᠠᠪᠢᠯᠠᠩ ᠪᠠ ᠠᠮᠢᠳᠤᠷᠠᠯ᠎ᠤᠨ ᠵᠠᠮ᠎ᠤᠨ ᠤᠷᠳᠤ ᠰᠤᠨᠤᠯᠵᠠᠭᠠᠨᠳᠤ ᠡᠬᠦᠰᠴᠦ᠍ ᠮᠡᠳᠡᠬᠦ᠌ ᠤᠯᠠᠨ ᠦᠯᠢᠬᠡᠷ᠎ᠤᠨ ᠡᠬᠢ ᠦᠨᠳᠦᠰᠦ᠃ ᠡᠬᠦᠨ᠎ᠢ᠎ᠪᠠᠨ ᠨᠠᠰᠤ᠎ᠪᠠᠷ᠎ᠢᠶᠠᠨ ᠦᠯᠦ᠍ ᠮᠡᠳᠡᠨ ᠮᠤᠩᠬᠠᠭ᠎ᠤᠨ ᠲᠤᠮᠳᠠ ᠨᠢᠬᠡ ᠪᠦᠯᠦᠭ ᠬᠦᠮᠤᠰ ᠲᠡᠯᠴᠢᠯᠡᠵᠦ᠍ ᠦᠨᠡᠨ ᠰᠡᠳᠭᠢᠯ ᠪᠤᠯ ᠡᠨᠡ ᠤᠷᠴᠢᠯᠠᠩ᠎ᠤᠨ ᠬᠠᠮᠤᠭ᠎ᠤᠨ ᠨᠠᠨᠳᠢᠨ ᠵᠦᠢᠯ ᠬᠡᠳᠡᠭ᠎ᠢ ᠮᠠᠷᠳᠠᠵᠦ᠍ ᠦᠪᠡᠷ᠎ᠢ᠎ᠪᠠᠨ ᠠᠯᠳᠠᠨ᠎ᠠ᠃ ᠵᠢᠷᠤᠬᠡ ᠦᠨᠡᠨᠴᠢ ᠪᠤᠯ ᠠᠮᠢᠳᠤᠷᠠᠯ ᠲᠦᠬᠦᠷᠡᠩ ᠭᠡᠳᠡᠭ ᠶᠤᠰᠤ ᠲᠦᠬᠦᠮᠬᠡᠨ ᠠᠳᠠᠯ᠎ᠠ 《ᠦᠪᠡᠷ ᠪᠢ》 ᠶ᠋ᠢᠨ ᠲᠠᠪᠠᠷᠠᠯ ᠡᠳᠡᠬᠡᠷ᠎ᠢ ᠦᠳᠡᠬᠡᠷᠦᠬᠦᠯᠦᠨᠡ᠃
ᠲᠡᠷᠡ ᠬᠦᠮᠦᠨ᠎ᠤ ᠳᠤᠲᠤᠭᠠᠳᠤ ᠰᠡᠳᠭᠢᠯ᠎ᠢ ᠢᠯᠡᠷᠡᠭᠦᠯᠬᠦ᠌᠎ᠶ᠋ᠢ ᠴᠢᠬᠤᠯᠠᠴᠢᠯᠠᠳᠠᠬ᠃ ᠬᠦᠮᠤᠨ᠎ᠤ ᠬ᠋ᠠᠭ᠍ᠴᠠᠭᠠᠷᠳᠠᠯ᠂ ᠪᠤᠬᠢᠨᠢᠳᠤᠯ᠂ ᠠᠷᠬ᠋᠎ᠠ ᠦᠬᠡᠢᠳᠡᠯ ᠵᠡᠷᠬᠡ ᠡᠬᠡᠯ ᠴᠢᠨᠠᠷ᠎ᠢ ᠬᠦᠨᠳᠦᠳᠭᠡᠳᠡᠭ᠃ ᠲᠡᠢᠮᠦ᠍᠎ᠠᠴᠠ᠎ᠪᠠᠨ ᠬᠠᠢᠷ᠎ᠠ᠎ᠶ᠋ᠢᠨ ᠭᠤᠨᠢᠭ᠂ ᠠᠨᠳᠠ᠎ᠶ᠋ᠢᠨ ᠦᠳᠡᠬᠡᠷᠬᠡᠯ᠂ ᠬᠤᠷᠤᠰᠤᠯ᠂ ᠠᠭᠤᠴᠢᠯᠠᠯ᠂ ᠠᠷᠬ᠋᠎ᠠ ᠦᠬᠡᠢᠳᠡᠯ᠂ ᠮᠠᠷᠳᠠᠯ ᠵᠡᠷᠬᠡ᠎ᠶ᠋ᠢ ᠤᠯᠠᠨ ᠱᠢᠯᠦᠭ᠌ᠯᠡᠳᠡᠭ᠃ ᠰᠦᠶᠦᠬᠡ ᠪᠠᠬᠰᠢ ᠵᠢᠨ 《ᠱᠢᠯᠦᠭ᠎ᠤᠨ ᠡᠷᠡᠮᠡᠯᠵᠡᠯ — ᠵᠠᠯᠠᠭᠤᠴᠤᠳ᠎ᠤᠨ ᠱᠢᠯᠦᠭ᠎ᠤᠨ ᠲᠤᠬᠠᠢ ᠬᠦᠶᠦᠭᠡᠨ ᠠᠵᠢᠭ᠍ᠯᠠᠯᠳᠠ》 ᠬᠡᠬᠦ ᠰᠢᠬᠦᠮᠵᠢ᠎ᠳᠤ 《ᠤᠳᠭ᠎ᠠ ᠵᠤᠬᠢᠶᠠᠯ ᠪᠤᠯ ᠬᠦᠮᠤᠨ᠎ᠤ ᠲᠤᠬᠠᠢ ᠰᠤᠷᠭᠠᠯ ᠮᠦᠨ》 ᠬᠡᠵᠤ᠂ ᠬᠦᠮᠤᠨ᠎ᠢ ᠪᠢᠴᠢᠬᠦ᠌᠎ᠪᠠᠷ ᠲᠠᠮᠵᠢᠭᠤᠯᠤᠨ ᠬᠦᠮᠤᠨ᠎ᠤ ᠮᠦᠨ ᠴᠢᠨᠠᠷ᠎ᠢ ᠦᠵᠡᠬᠦᠯᠬᠦ᠌ ᠪᠤᠯ ᠲᠡᠬᠦᠨ᠎ᠤ ᠴᠢᠳᠠᠮᠵᠢ ᠪᠤᠯᠤᠨ᠎ᠠ᠃ ᠵᠠᠮᠴᠠᠭᠠᠨᠤ 《ᠭᠠᠭ᠍ᠴᠠᠭᠠᠷᠬᠠᠨ》 ᠬᠡᠬᠦ᠌ ᠱᠢᠯᠦᠭᠲᠤ᠌᠄
《 ᠭᠠᠭ᠍ᠴᠠᠭᠠᠷᠬᠠᠨ ᠡ ᠁
ᠭᠠᠯᠳᠤ ᠨᠠᠷᠠᠨ᠎ᠠᠴᠠ ᠰᠡᠭᠦᠳᠡᠷ᠎ᠢᠶᠠᠨ ᠨᠢᠭᠤᠬᠤ ᠮᠡᠳᠦ
ᠰᠡᠳᠭᠢᠯ ᠮᠢᠨᠢ ᠭᠠᠭ᠍ᠴᠠᠭᠠᠷᠬᠠᠨᠢᠶᠠᠨ ᠁
ᠰᠡᠭᠦᠳᠡᠷ ᠲᠤᠰᠤᠩᠨᠠᠭ᠍ᠰᠠᠨ ᠴᠤᠩᠬᠤᠨ ᠲᠤᠱᠢᠶᠠ
ᠰᠦ ᠨᠦᠮᠦᠷᠦᠨ ᠵᠤᠭ᠍ᠰᠤᠭ᠍ᠰᠠᠨ ᠠᠳᠠᠯ᠎ᠠ
ᠰᠦᠨᠡᠰᠦ ᠮᠢᠨᠢ ᠪᠠᠰᠠ᠎ᠯᠠ ᠭᠠᠭ᠍ᠴᠠᠭᠠᠷᠬᠠᠨ ᠡ ᠁》 ᠬᠡᠵᠦ᠍ ᠠᠮᠢ ᠨᠠᠰᠤᠨ᠎ᠤ ᠨᠢᠬᠡᠨ ᠪᠦᠷᠢᠯᠳᠦᠬᠦᠨ ᠪᠤᠯᠤᠭ᠍ᠰᠠᠨ ᠭᠠᠭ᠍ᠴᠠᠭᠠᠷᠳᠠᠯ᠎ᠢᠶᠠᠨ ᠬᠦᠯᠢᠶᠡᠨ ᠵᠦᠪᠱᠢᠶᠡᠷᠡᠵᠦ᠍ ᠦᠬᠦᠯᠡᠨ ᠱᠢᠯᠦᠭ᠌ᠯᠡᠭ᠌ᠰᠡᠨ ᠪᠠᠢᠳᠠᠭ᠃ ᠭᠠᠭ᠍ᠴᠠᠭᠠᠷᠳᠠᠯ᠎ᠤᠨ ᠰᠡᠳᠭᠢᠯᠬᠡ ᠪᠤᠯ ᠬᠦᠮᠤᠰ᠎ᠤᠨ ᠠᠮᠢᠳᠤᠷᠠᠯ᠎ᠢ ᠬᠠᠢᠷᠠᠯᠠᠬᠤ᠎ᠠᠴᠠ ᠡᠬᠦᠰᠦᠯᠲᠠᠢᠨᠢ ᠮᠡᠳᠡᠬᠡᠵᠢ᠃ ᠠᠯᠢᠪᠠ᠎ᠪᠠᠨ ᠠᠮᠢᠳᠤᠷᠠᠯ᠎ᠳᠤ ᠵᠤᠷᠢᠭᠤᠯᠤᠭᠠᠳ ᠬᠦᠰᠡᠷᠳᠡᠯ ᠲᠦᠬᠦᠷᠡᠩ ᠦᠷ᠎ᠡ ᠳ᠋ᠦᠩ᠎ᠳᠤ ᠬᠦᠷᠬᠦ᠌ ᠦᠶᠡᠰ ᠬᠦᠮᠤᠨ᠎ᠤ ᠰᠡᠳᠭᠢᠯ ᠤᠬᠠᠭᠠᠨ ᠭᠠᠭ᠍ᠴᠠᠭᠠᠷᠳᠠᠯ᠎ᠤᠨ ᠠᠬᠤᠢ᠎ᠳᠤ ᠭᠤᠳᠤᠷᠠᠳᠠᠭ᠃ ᠬᠡᠪᠡᠴᠦ᠍ ᠭᠠᠭ᠍ᠴᠠᠭᠠᠷᠳᠠᠯ ᠬᠦᠰᠡᠷᠳᠡᠯᠳᠤ ᠨᠤᠭᠤᠷᠠᠯ ᠦᠬᠡᠢ ᠢᠳᠡᠬᠡᠯ᠎ᠤᠨ ᠬᠦᠴᠦᠨ᠎ᠳᠤ ᠬᠦᠮᠤᠨ ᠦᠨᠡᠨ᠎ᠢᠶᠠᠷ᠎ᠢᠶᠠᠨ ᠲᠠᠬᠢᠨ ᠪᠤᠰᠳᠠᠭ᠃ 《ᠪᠢ ᠦᠪᠡᠷᠤᠨᠬᠢᠪᠠᠷᠢᠶᠠᠨ》 ᠬᠡᠰᠡᠨ ᠱᠢᠯᠦᠭᠲᠤ᠌᠄
《ᠪᠢᠯᠢᠬᠦᠨ ᠶᠡᠭᠡ ᠭᠠᠷᠠᠭ᠎ᠤᠨ᠎ᠢᠶᠠᠨ ᠴᠡᠩᠬᠡᠷ ᠭᠡᠭᠡᠨ ᠲᠤᠤᠷ᠎ᠠ
ᠪᠢ ᠦᠪᠡᠷᠤᠨᠬᠢᠪᠠᠷᠢᠶᠠᠨ ᠁
ᠭᠡᠭᠡᠨ ᠦᠨᠡᠨ᠎ᠢ ᠲᠡᠭᠡᠳᠦᠯᠡᠵᠦ᠍ ᠭᠠᠵᠢ ᠪᠤᠷᠤᠭᠤ᠎ᠳᠤ ᠴᠤ᠌ ᠪᠤᠳᠤᠯᠢᠨ
ᠭᠡᠰᠡᠭ᠎ᠲᠤ᠎ᠪᠠᠨ ᠳ᠋ᠧᠪᠡᠵᠡᠨ᠂ ᠭᠡᠰᠡᠭ᠎ᠲᠤ᠎ᠪᠠᠨ ᠲᠠᠮᠤ᠎ᠳᠤ》 ᠬᠡᠵᠦ᠍ ᠬᠦᠮᠤᠨ᠎ᠤ ᠪᠤᠳᠤᠯ ᠤᠬᠠᠭᠠᠨ᠎ᠤ ᠵᠤᠪᠠᠯᠠᠩ᠎ᠢ ᠨᠢᠭᠤᠵᠤ ᠳᠠᠷᠤᠯ ᠦᠭᠡᠢ ᠢᠯᠡᠨ ᠳᠠᠯᠠᠨ ᠦᠭᠡᠢ ᠲᠡᠯᠬᠡᠵᠦ᠍ ᠡᠭᠡᠯ ᠦᠨᠡᠨ᠎ᠢ ᠲᠡᠬᠡᠳᠦᠯᠡᠵᠡᠢ᠃ ᠠᠬᠤᠢ ᠶᠢᠷᠲᠢᠨᠴᠦ᠍᠎ᠠᠴᠠ ᠪᠤᠯᠤᠬ᠍ᠰᠠᠨ ᠬᠦᠮᠦᠨ᠎ᠤ ᠳᠣᠲᠤᠭᠠᠳᠤ ᠰᠡᠳᠭᠢᠯ᠎ᠤᠨ ᠪᠤᠳᠤᠯᠢᠶᠠᠨᠳᠤ ᠪᠠᠢᠳᠠᠯ᠎ᠢ ᠲᠡᠷᠡ ᠤᠷᠠᠯᠢᠭ᠎ᠢᠶᠠᠷ ᠢᠯᠡᠷᠡᠬᠦᠯᠵᠡᠢ᠃ ᠲᠡᠬᠦᠪᠦᠷᠢ᠎ᠳᠤ ᠰᠤᠩᠭᠤᠭ᠍ᠳᠠᠭ᠍ᠰᠠᠨ 《ᠤᠴᠢᠷ ᠱᠢᠯᠳᠠᠭᠠᠨᠤ ᠭᠠᠳᠠᠨ᠎ᠠ ᠤᠷᠤᠱᠢᠨ ᠤᠷᠤᠩᠨᠠᠵᠤ ᠁》 ᠬᠡᠰᠡᠨ ᠱᠢᠯᠦᠭ᠎ᠨᠢ ᠠᠮᠢ ᠨᠠᠰᠤᠨ᠎ᠤ ᠮᠦᠨ ᠴᠢᠨᠠᠷ᠎ᠢ ᠡᠷᠢᠯᠬᠢᠯᠡᠵᠦ᠍ ᠲᠦᠪ ᠲᠦᠬᠦᠮᠬᠡᠨ ᠠᠮᠢᠳᠤᠷᠠᠯ᠎ᠤᠨ ᠰᠠᠢᠬᠠᠨ᠎ᠢ ᠪᠠᠭ᠍ᠠᠳᠤᠵᠠᠢ᠃ ᠲᠤᠰ ᠱᠢᠯᠦᠭᠲᠤ᠌᠄
《ᠬᠠᠷᠠᠩᠭᠤᠢ ᠲᠤᠳᠤᠭᠤᠷ ᠭᠤᠤᠯ᠎ᠤᠨ ᠤᠰᠤ ᠨᠡᠯ ᠪᠠᠷᠠᠭᠠᠨᠳᠤᠨ ᠤᠷᠤᠰᠤᠨ᠎ᠠ
ᠬᠠᠮᠢᠭ᠎ᠠ ᠤᠴᠢᠬᠤ ᠶᠤᠮ ᠪᠤᠢ ᠭᠡᠵᠦ᠍
ᠲᠤᠪ ᠲᠤᠭᠤᠢᠬᠠᠨ ᠲᠡᠭᠦᠨ᠎ᠠᠴᠠ ᠪᠢᠳᠡᠭᠡᠢ ᠠᠰᠠᠭᠤᠭᠠᠷᠠᠢ ᠁
ᠤᠯᠠᠩᠬᠢ ᠵᠤᠢᠯ ᠪᠦᠷ ᠤᠴᠢᠷ ᠱᠢᠯᠳᠠᠭᠠᠨ ᠦᠬᠡᠢ᠎ᠪᠠᠷ
ᠤᠷᠤᠱᠢᠨ ᠡᠭᠦᠰᠴᠦ᠍ ᠪᠠᠢᠳᠠᠭ᠎ᠢ ᠮᠡᠳᠡᠷᠡᠨ
ᠤᠷᠭᠤᠬᠤ᠎ᠶ᠋ᠢᠨ ᠡᠷᠬᠡ᠎ᠶ᠋ᠢ ᠤᠳᠠ ᠮᠤᠳᠤ ᠡᠪᠡᠰᠦ ᠨᠠᠪᠴᠢᠨ᠎ᠳᠤ ᠪᠤᠴᠠᠭᠠᠵᠤ
ᠤᠷᠤᠰᠭᠤ᠎ᠶ᠋ᠢᠨ ᠵᠠᠶᠠᠭ᠎ᠠ᠎ᠶ᠋ᠢ ᠤᠨᠳᠤᠷᠤᠮᠠᠯ ᠪᠤᠯᠠᠭ ᠭᠤᠷᠤᠬ᠎ᠠ ᠱᠠᠩᠳᠠ᠎ᠳᠤ ᠨᠡᠢᠳᠡᠵᠦ᠍
ᠤᠭᠤ ᠴᠤ᠌ ᠨᠠᠮᠵᠢᠭᠤᠬᠠᠨ ᠦᠳᠡᠰᠢ᠎ᠶ᠋ᠢᠨ ᠡᠨᠡ ᠪᠦᠷᠦᠢ ᠲᠤᠮᠳᠠᠭᠤᠷ
ᠤᠴᠢᠷ ᠱᠢᠯᠳᠠᠭᠠᠨ ᠭᠡᠵᠦ᠍ ᠪᠤᠳᠤᠯᠢᠯ ᠦᠬᠡᠢ᠎ᠪᠠᠷ ᠭᠡᠰᠡᠭ ᠵᠠᠭᠤᠷᠠᠬᠠᠨ ᠁
ᠭᠡᠰᠡᠭ ᠵᠠᠭᠤᠷᠠᠬᠠᠨ ᠦᠭᠡ ᠲᠠᠭᠤ ᠦᠬᠡᠢ ᠠᠯᠬᠤᠭᠠᠷᠠᠢ》 ᠬᠡᠵᠦ᠍ ᠡᠬᠡᠯ ᠪᠤᠷᠤᠭ᠍ᠵᠢᠭᠤᠨ ᠠᠮᠢᠳᠤᠷᠠᠯ᠎ᠤᠨ ᠡᠬᠡᠯ ᠲᠠᠷᠤᠤᠬᠠᠨ ᠰᠡᠳᠭᠢᠯᠬᠡ᠎ᠶ᠋ᠢᠨ ᠵᠢᠷᠭᠠᠯ᠎ᠢ ᠱᠢᠯᠦᠭ᠌ᠯᠡᠵᠡᠢ᠃ ᠠᠮᠢ ᠨᠠᠰᠤᠨ᠎ᠤ ᠤᠯᠠᠨ ᠪᠤᠯᠤᠯᠴᠠᠭ᠎ᠠ᠎ᠶ᠋ᠢ ᠲᠠᠯ᠎ᠠ ᠲᠠᠯ᠎ᠠ᠎ᠠᠴᠠ ᠲᠡᠯᠬᠡᠨ ᠲᠡᠬᠦᠨ᠎ᠤ ᠡᠬᠡᠯ ᠲᠠᠷᠤᠤᠬᠠᠨ ᠮᠦᠨ ᠴᠢᠨᠠᠷ᠎ᠢ ᠠᠭᠤᠳᠠᠯᠤᠭ᠍ᠰᠠᠨ᠎ᠢᠶᠠᠷ ᠲᠡᠬᠦᠨ᠎ᠤ ᠱᠢᠯᠦᠭ ᠤᠩᠱᠢᠭ᠍ᠴᠢ᠎ᠲᠠᠢ ᠤᠢᠷᠠᠬᠠᠨ ᠪᠤᠯᠵᠠᠢ᠃ ᠲᠡᠷᠡ ᠠᠮᠢᠳᠤᠷᠠᠯ᠎ᠢ ᠰᠡᠳᠭᠢᠯ᠎ᠢᠶᠠᠷ᠎ᠢᠶᠠᠨ ᠮᠡᠳᠡᠷᠡᠵᠦ᠍ ᠠᠮᠢ ᠨᠠᠰᠤ᠎ᠪᠠᠷ᠎ᠢᠶᠠᠨ ᠬᠠᠢᠷᠠᠯᠠᠳᠠᠭ᠃ ᠲᠡᠷᠡ ᠤᠷᠠᠯᠢᠭ᠎ᠤᠨ ᠦᠨᠡᠨ᠎ᠢᠶᠠᠷ ᠠᠮᠢᠳᠤᠷᠠᠯ᠎ᠤᠨ ᠦᠨᠡᠨ᠎ᠢ ᠡᠷᠢᠯᠬᠢᠯᠡᠵᠦ᠍ ᠦᠨᠡᠨ ᠶᠤᠰᠤ᠎ᠶ᠋ᠢ ᠢᠳᠡᠭᠡᠨ ᠡᠷᠬᠢᠮᠯᠡᠳᠡᠭ᠃ ᠲᠡᠷᠡ ᠬᠦᠮᠤᠨ᠎ᠤ ᠬᠠᠢᠷ᠎ᠠ᠎ᠶ᠋ᠢᠨ ᠦᠨᠡᠨᠴᠢ᠎ᠳᠤ ᠬᠡᠤᠬᠡᠳ ᠱᠢᠭ ᠲᠤᠭ᠍ᠳᠤᠯᠵᠦ᠍ ᠢᠨᠠᠭ ᠲᠤᠷᠠᠯᠠᠯ᠎ᠤᠨ ᠦᠨᠡᠨᠴᠢ ᠪᠤᠰᠤ᠎ᠳᠤ ᠭᠤᠨᠢᠵᠦ᠍ ᠠᠮᠢᠳᠤᠷᠠᠯ᠎ᠳᠠᠭᠠᠨ ᠤᠬᠠᠭᠠᠯᠢᠭ ᠬᠡᠬᠡᠯᠢᠭ ᠶᠠᠪᠤᠬᠤ᠎ᠶ᠋ᠢ ᠲᠡᠷᠢᠬᠦᠨ᠎ᠳᠤ ᠦᠵᠡᠳᠡᠭ᠃ ᠲᠡᠢᠮᠦ᠍᠎ᠠᠴᠠ ᠲᠡᠬᠦᠨ᠎ᠤ ᠱᠢᠯᠦᠭ᠎ᠨᠢ ᠦᠨᠡᠨ ᠬᠠᠢᠷ᠎ᠠ᠎ᠶ᠋ᠢᠨ ᠡᠷᠢᠯᠬᠢᠯᠡᠯ ᠴᠤᠬᠤᠯᠵᠠᠵᠦ᠍ ᠦᠯᠢᠬᠡᠷ᠎ᠳᠦ ᠠᠮᠢᠳᠤᠷᠠᠯ᠎ᠠᠴᠠ ᠤᠬᠠᠭᠠᠨ᠎ᠳᠠᠭᠠᠨ ᠱᠢᠩᠬᠡᠬᠡᠭ᠌ᠰᠡᠨ ᠤᠬᠠᠭᠠᠷᠠᠯ᠎ᠤᠨ ᠪᠠᠳᠠᠭ ᠬᠢᠯᠠᠯᠵᠠᠳᠠᠭ᠃
ᠬᠤᠶᠠᠷ᠂ ᠦᠨᠡᠨ ᠬᠠᠢᠷ᠎ᠠ᠎ᠶ᠋ᠢᠨ ᠦᠬᠦᠯᠡᠯᠳᠡ
ᠱᠢᠯᠦᠭ᠎ᠤᠨ ᠲᠡᠬᠦᠪᠦᠷᠢ᠎ᠳᠤ ᠰᠤᠩᠭᠤᠭ᠍ᠳᠠᠭ᠍ᠰᠠᠨ ᠱᠢᠯᠦᠭ᠎ᠢ ᠠᠵᠢᠬᠤ᠎ᠳᠤ ᠦᠨᠡᠨ ᠬᠠᠢᠷ᠎ᠠ᠎ᠶ᠋ᠢᠨ ᠡᠷᠬᠢᠮᠰᠦᠭ ᠠᠷᠢᠭᠤᠨ᠎ᠤ ᠬᠦᠬᠡᠬᠡᠴᠡᠯᠳᠦᠯ᠎ᠤᠨ ᠲᠤᠬᠠᠢ ᠱᠢᠯᠦᠭ ᠤᠯᠠᠨ ᠠᠵᠢᠭ᠍ᠯᠠᠭ᠍ᠳᠠᠨᠠ᠃ ᠵᠠᠮᠴᠠᠭᠠᠨ ᠵᠢᠩᠬᠢᠨᠢ ᠦᠨᠡᠨ ᠢᠨᠠᠭ ᠪᠠ ᠭᠬᠢᠷᠳᠦᠵᠦ᠍ ᠰᠡᠪᠳᠦᠭ᠌ᠰᠡᠨ ᠦᠬᠡᠢ ᠤᠶᠤᠨ ᠤᠬᠠᠭᠠᠨ᠎ᠢᠶᠠᠷ ᠬᠠᠢᠷ᠎ᠠ᠎ᠶ᠋ᠢᠨ ᠢᠳᠡᠬᠡᠯ ᠵᠢᠷᠤᠮ᠎ᠢ ᠰᠠᠬᠢᠬᠤ᠎ᠶ᠋ᠢ ᠬᠦᠰᠡᠮᠵᠢᠯᠡᠳᠡᠭ᠃ ᠦᠨᠡᠨ ᠬᠠᠢᠷ᠎ᠠ᠎ᠶ᠋ᠢᠨ ᠢᠳᠡᠬᠡᠯ ᠬᠦᠰᠡᠯ᠎ᠨᠢ ᠲᠡᠬᠦᠨ᠎ᠢ ᠵᠤᠪᠠᠭᠤᠷᠢᠯᠠᠭᠤᠯᠳᠠᠭ᠂ ᠰᠡᠪᠳᠦᠭ᠌ᠰᠡᠨ ᠬᠠᠢᠷ᠎ᠠ᠎ᠶ᠋ᠢ ᠲᠡᠷᠡ ᠬᠦᠯᠢᠶᠡᠬᠦ᠌ ᠦᠬᠡᠢ᠃ 《ᠴᠠᠭ ᠬᠤᠭᠤᠴᠠᠭᠠᠨ᠎ᠤ ᠴᠠᠭᠠᠨ ᠠᠶᠠᠯᠭᠤ》 ᠬᠡᠬᠦ᠌ ᠱᠢᠯᠦᠭ᠎ᠤᠨ ᠲᠡᠬᠦᠪᠦᠷᠢ᠎ᠶ᠋ᠢ ᠶᠡᠷᠦᠩᠬᠡᠢᠯᠡᠨ ᠠᠵᠢᠬᠤ᠎ᠳᠤ ᠲᠡᠬᠦᠨ᠎ᠤ ᠬᠠᠢᠷ᠎ᠠ᠎ᠶ᠋ᠢᠨ ᠰᠡᠳᠦᠪᠳᠦ ᠱᠢᠯᠦᠭ ᠲᠤᠳᠤᠷᠠᠬᠢ ᠦᠨᠡᠨ ᠬᠠᠢᠷ᠎ᠠ᠎ᠶ᠋ᠢᠨ ᠡᠷᠢᠯᠬᠢᠯᠡᠯ᠎ᠤᠨ ᠵᠠᠮ᠎ᠨᠢ ᠮᠤᠷᠤᠢ ᠰᠠᠷᠤᠢ᠂ ᠢᠳᠡᠬᠡᠭ᠌ᠰᠡᠨ ᠬᠦᠮᠤᠨᠠᠴᠠᠪᠠᠨ ᠬᠠᠢᠷ᠎ᠠ᠎ᠶ᠋ᠢᠨ ᠬᠤᠳᠠᠯ ᠬᠠᠭᠤᠷᠮᠠᠭ᠎ᠢ ᠬᠠᠷᠠᠬᠤ᠎ᠶ᠋ᠢᠨ ᠰᠡᠳᠭᠢᠯᠬᠡ᠎ᠶ᠋ᠢ ᠤᠯᠠᠨ ᠪᠢᠴᠢᠵᠡᠢ᠃ 《 ᠪᠤᠷᠤᠭᠠᠨ》 ᠬᠡᠬᠦ᠌ ᠱᠢᠯᠦᠭ᠎ᠨᠢ᠄
《ᠲᠡᠭᠡᠪᠦᠷ ᠲᠤᠭ᠍ᠰᠢᠨ ᠭᠡᠳᠡᠷᠯᠡᠬᠦ᠌
ᠰᠠᠴᠤᠭ᠍ᠰᠠᠨ ᠤᠯᠠᠨ ᠰᠤᠪᠤᠳ
ᠲᠡᠯᠡᠬᠡᠢ ᠪᠦᠷᠭᠦᠭ᠌ᠰᠡᠨ ᠱᠠ ᠪᠤᠯᠵᠣ ᠭᠡᠭᠡᠪᠴᠢ ᠱᠢᠬᠠᠨ ᠨᠠᠮᠢᠷᠠᠵᠦ᠍
ᠬᠠᠢᠯᠠᠰᠤᠨᠤ ᠵᠢᠵᠢᠭ᠌ᠭᠡᠨ ᠰᠠᠯᠠᠭᠠᠨ ᠲᠤᠤᠷ᠎ᠠ
ᠵᠤᠨ᠎ᠲᠠᠢ ᠭᠤᠷᠪᠠᠭᠤᠯᠠ ᠴᠡᠴᠡᠷᠡᠵᠦ᠍
ᠬᠠᠯᠠᠭᠤ ᠲᠦᠤᠭᠡᠭ᠌ᠰᠡᠨ ᠬᠠᠷᠠᠴᠠᠨ᠎ᠳᠤ ᠴᠢᠨᠢ ᠵᠤᠷᠠᠪᠠᠯ ᠠᠰᠠᠮᠠᠷ ᠲᠤᠭ᠍ᠳᠤᠯᠵᠤ ᠁》 ᠬᠡᠮᠡᠨ ᠦᠩᠬᠡᠷᠡᠵᠦ᠍ ᠤᠳᠤᠭ᠍ᠰᠠᠨ ᠡᠳᠦᠷ ᠬᠤᠨᠤᠭ᠎ᠲᠤ ᠪᠤᠷᠤᠭᠠᠨ ᠲᠤᠮᠳᠠ ᠬᠠᠢᠷ᠎ᠠ᠎ᠪᠠᠷ ᠠᠰᠠᠭ᠍ᠰᠠᠨ ᠢᠨᠠᠭ ᠲᠤᠷᠠᠯᠠᠯ᠎ᠢᠶᠠᠨ ᠲᠡᠯᠬᠡᠵᠡᠢ᠃ ᠬᠡᠪᠡᠴᠦ᠍ ᠡᠨᠡ ᠪᠤᠯ ᠲᠤᠷᠠᠰᠤᠯ᠂ ᠲᠡᠷᠡ ᠵᠠᠯᠭᠠᠵᠦ᠍ 《ᠡᠩᠬᠡᠷ᠎ᠤᠨ ᠬᠦᠭ᠌ᠰᠢᠨ ᠬᠠᠢᠯᠠᠰᠤᠨ ᠲᠤᠤᠷ᠎ᠠ ᠡᠮᠬᠡᠨᠢᠯ ᠨᠠᠮᠠᠶ᠋ᠢ ᠪᠦᠰᠡᠯᠡᠵᠦ᠍ / ᠡᠵᠡᠬᠦᠢ᠎ᠶ᠋ᠢᠨ ᠨᠤᠭᠤᠭᠠᠨ ᠰᠦᠨᠡᠰᠦᠨᠤᠬᠦᠳ \ ᠡᠭᠡᠪᠦᠷ ᠲᠠᠭᠠᠭᠠᠳ ᠪᠤᠴᠠᠯᠤᠯᠠ》 ᠬᠡᠵᠦ᠍ ᠦᠨᠡᠨ ᠬᠠᠢᠷ᠎ᠠ᠎ᠶ᠋ᠢᠨ ᠬᠦᠨᠳᠡᠢᠷᠡᠯᠠᠴᠠ ᠪᠤᠯᠤᠭ᠍ᠰᠠᠨ ᠤᠢ ᠭᠤᠨᠢᠭ ᠪᠠ ᠬᠦᠰᠡᠯ ᠮᠦᠷᠦᠬᠡᠳᠦᠯ᠎ᠤᠨ ᠡᠷᠬᠡᠨ᠎ᠳᠤ ᠰᠠᠢᠨ᠎ᠢ ᠬᠦᠰᠡᠮᠵᠢᠯᠡᠭ᠌ᠰᠡᠨ ᠴᠢᠩ ᠦᠨᠡᠨᠴᠢ ᠬᠠᠢᠷ᠎ᠠ᠎ᠶ᠋ᠢᠨ ᠡᠷᠢᠯᠬᠢᠯᠡᠯᠢ ᠦᠬᠦᠯᠡᠵᠡᠢ᠃ ᠬᠠᠢᠷ᠎ᠠ ᠪᠤᠯ ᠦᠨᠡᠨᠴᠢ᠂ ᠠᠷᠢᠭᠤᠨ᠂ ᠡᠷᠬᠢᠮᠰᠦᠭ ᠪᠠᠢᠬᠤ ᠬᠡᠷᠡᠭ᠌ᠳᠡᠢ ᠬᠡᠵᠦ᠍ ᠲᠡᠷᠡ ᠦᠵᠡᠳᠡᠭ᠃ ᠬᠠᠢᠷ᠎ᠠ ᠪᠤᠯ ᠡᠨᠡ ᠤᠷᠴᠢᠯᠠᠩ᠎ᠤᠨ ᠬᠠᠮᠤᠭ᠎ᠤᠨ ᠦᠨᠡᠨ ᠵᠦᠢᠯ᠂ ᠦᠨᠢ ᠮᠦᠩᠬᠡ ᠤᠷᠤᠱᠢᠨ᠎ᠠ ᠬᠡᠵᠦ᠍ ᠲᠡᠷᠡ ᠢᠳᠡᠬᠡᠳᠡᠭ᠃ ᠴᠢᠩ ᠦᠨᠡᠨᠴᠢ ᠬᠠᠢᠷ᠎ᠠ᠎ᠶ᠋ᠢᠨ ᠡᠷᠢᠯᠬᠢᠯᠡᠯ᠎ᠨᠢ ᠬᠡᠳᠡᠷᠬᠦ᠌ ᠲᠡᠬᠦᠨ᠎ᠤ ᠱᠢᠯᠦᠭ᠎ᠲᠤ ᠭᠤᠨᠢᠷᠬᠠᠯ᠎ᠤᠨ ᠦᠩᠬᠡ ᠤᠷᠤᠭᠤᠯᠵᠠᠢ᠃ 《ᠴᠢᠯᠠᠭᠤᠨ᠎ᠤ ᠨᠢᠯᠪᠤᠰᠤ᠎ᠲᠠᠢ ᠴᠡᠴᠡᠭ》ᠬᠡᠬᠦ᠌ ᠱᠢᠯᠦᠭ᠎ᠨᠢ᠄
《ᠬᠡᠯᠡᠭ᠌ᠰᠡᠨᠳᠤᠪᠠᠨ ᠬᠦᠷᠦᠬᠡ ᠦᠬᠡᠢ ᠬᠡᠨ ᠨᠢᠬᠡᠨᠤ ᠦᠬᠡ
ᠬᠡᠰᠡᠭ᠌ᠬᠡᠨ ᠴᠢᠯᠠᠭᠤ ᠪᠤᠯᠵᠦ᠍ ᠬᠦᠳᠦᠯ ᠲᠡᠬᠡᠷ᠎ᠡ ᠵᠠᠭᠤᠨ ᠵᠢᠯ ᠲᠤᠷᠤᠢᠨᠠ》 ᠬᠡᠵᠦ᠍ ᠬᠠᠢᠷ᠎ᠠ᠎ᠶ᠋ᠢᠨ ᠠᠮᠠᠯᠳᠠᠯᠳᠠᠭᠠᠨ ᠬᠦᠷᠦᠬᠡ ᠦᠬᠡᠢ᠎ᠶ᠋ᠢᠨ ᠬᠠᠯᠠ ᠵᠠᠭᠤᠨ ᠵᠢᠯ᠎ᠢᠶᠠᠷ ᠴᠤ᠌ ᠰᠠᠷᠨᠢᠬᠤ ᠦᠬᠡᠢ ᠬᠦᠮᠤᠨ᠎ᠤ ᠵᠢᠷᠦᠬᠡ᠎ᠶ᠋ᠢ ᠰᠡᠪᠳᠦᠬᠡᠳᠡᠭᠢ ᠤᠷᠠᠯᠢᠭ ᠢᠯᠡᠳᠭᠡᠵᠡᠢ᠃ ᠦᠨᠡᠨ ᠬᠠᠢᠷ᠎ᠠ᠎ᠨᠢ ᠦᠷᠦᠪᠳᠦᠯ᠎ᠳᠦ ᠬᠡᠰᠡᠭ᠌ᠬᠡᠨ ᠴᠢᠯᠠᠭᠤ ᠱᠢᠭ᠋ ᠬᠠᠢᠷ᠎ᠠ᠎ᠪᠠᠨ ᠪᠠᠳᠤ ᠰᠠᠬᠢᠵᠦ᠍ ᠵᠠᠭᠤᠨ ᠵᠠᠭᠤᠨ ᠵᠢᠯ᠎ᠢᠶᠠᠷ ᠭᠠᠭ᠍ᠴᠠᠭᠠᠷ ᠲᠤᠷᠮᠤᠢᠵᠦ᠍ ᠪᠠᠢᠭ᠎ᠠ᠎ᠨᠢ ᠵᠢᠩᠬᠢᠨᠢ ᠬᠠᠢᠷᠠᠳᠤ ᠬᠦᠷᠬᠡᠭ᠌ᠰᠡᠨ ᠬᠠᠮᠤᠭ᠎ᠤᠨ ᠠᠷᠢᠭᠤᠨ ᠪᠡᠯᠡᠭ ᠬᠡᠯᠳᠡᠢ᠃ ᠬᠦᠮᠤᠨ᠎ᠤ ᠤᠷᠴᠢᠯᠠᠩ᠎ᠳᠤ ᠬᠠᠢᠷ᠎ᠠ᠎ᠶ᠋ᠢᠨ ᠠᠷᠢᠭᠤᠨᠢ ᠰᠠᠬᠢᠵᠦ᠍ ᠬᠠᠳᠠ ᠴᠢᠯᠠᠭᠤ ᠮᠡᠳᠦ ᠬᠦᠳᠡᠯᠦᠰᠢ ᠦᠬᠡᠢ ᠬᠡᠴᠢᠨᠡᠬᠡᠨ ᠬᠦᠮᠤᠰ ᠬᠠᠢᠷ᠎ᠠ᠎ᠶ᠋ᠢᠨ ᠭᠤᠨᠢᠭ᠎ᠢ ᠠᠮᠳᠠᠯᠠᠭᠠ ᠪᠤᠯ ᠬᠡᠵᠦ᠍ ᠡᠨᠡ ᠱᠢᠯᠦᠭ᠎ᠢ ᠤᠩᠱᠢᠬᠤ᠎ᠳᠤ ᠪᠤᠳᠤᠨ᠎ᠠ᠃ ᠦᠳᠡᠬᠡᠷᠬᠡᠯ ᠪᠤᠯ ᠵᠢᠩᠬᠢᠨᠢ ᠬᠠᠢᠷᠠᠳᠤ ᠦᠭ᠌ᠬᠦ ᠬᠠᠮᠤᠭ᠎ᠤᠨ ᠬᠡᠴᠡᠬᠦᠦ ᠱᠢᠯᠭᠠᠯᠳᠠ᠂ ᠡᠨᠡ ᠱᠢᠯᠭᠠᠯᠳᠠ᠎ᠳᠤ ᠬᠡᠴᠢᠨᠡᠬᠡᠨ ᠰᠠᠢᠬᠠᠨ ᠬᠠᠢᠷ᠎ᠠ᠎ᠶ᠋ᠢᠨ ᠰᠡᠳᠭᠢᠯ ᠬᠦᠰᠡᠷᠳᠡᠯᠤᠨ ᠠᠮᠳᠠ ᠪᠠ ᠬᠦᠯᠢᠶᠡᠯᠳᠡ᠎ᠶ᠋ᠢᠨ ᠠᠮᠳᠠ᠎ᠶ᠋ᠢ ᠠᠮᠳᠠᠯᠠᠬᠤ᠎ᠶ᠋ᠢ ᠲᠦᠰᠦᠬᠡᠯᠡᠵᠦ᠍ ᠲᠡᠢᠯᠬᠦ᠌ ᠦᠬᠡᠢ᠃ ᠬᠦᠮᠤᠨ ᠤᠷᠴᠢᠯᠠᠩ᠎ᠤᠨ ᠲᠤᠮᠳᠠ ᠬᠠᠢᠷ᠎ᠠ ᠮᠦᠩᠬᠡ ᠤᠷᠤᠱᠢᠵᠦ᠍ ᠬᠠᠢᠷ᠎ᠠ᠎ᠶ᠋ᠢᠨ ᠤᠮᠠᠷᠳᠠᠯ ᠪᠠ ᠦᠳᠡᠬᠡᠷᠬᠡᠯ ᠪᠠᠰᠠ ᠴᠤ᠌ ᠤᠷᠤᠱᠢᠭ᠍ᠰᠠᠭᠠᠷ ᠪᠠᠢᠭ᠎ᠠ᠎ᠶ᠋ᠢ ᠬᠠᠷᠠᠭᠤᠯᠵᠦ᠍ ᠴᠢᠳᠠᠭ᠍ᠰᠠᠨ᠎ᠨᠢ ᠲᠤᠰ ᠱᠢᠯᠦᠭ᠎ᠤᠨ ᠬᠢᠯᠠᠰ ᠴᠡᠭ ᠪᠤᠯᠵᠠᠢ᠃ ᠱᠢᠯᠦᠭ᠎ᠲᠤ ᠵᠠᠯᠭᠠᠨ ᠭᠤᠨᠢᠭ᠍ᠳᠤ ᠴᠢᠯᠠᠭᠤᠨ᠎ᠤ ᠬᠠᠢᠷ᠎ᠠ᠎ᠶ᠋ᠢᠨ ᠲᠤᠬᠠᠢ ᠰᠡᠪᠳᠦᠯᠢ ᠬᠡᠨ ᠠᠪᠤᠷᠠᠳᠠᠭᠢ ᠪᠢᠴᠢᠵᠡᠢ᠃
《 ᠬᠡᠯᠡ᠎ᠶ᠋ᠢ᠎ᠨᠢ ᠮᠡᠳᠡᠬᠦ᠌ ᠦᠬᠡᠢ ᠴᠤ᠌
ᠬᠡᠬᠡᠷ᠎ᠡ᠎ᠶ᠋ᠢᠨ ᠴᠡᠴᠡᠭ ᠭᠠᠭ᠍ᠴᠠᠭᠠᠷᠳᠠᠯᠢ ᠬᠤᠪᠢᠶᠠᠯᠴᠠᠨ
ᠬᠡᠨᠡᠭ ᠦᠬᠡᠢᠬᠡᠨ ᠨᠢᠬᠡ ᠯᠠ ᠦᠷᠯᠦᠬᠡ
ᠨᠦᠮᠦᠷᠢ᠎ᠳᠤᠨᠢ ᠲᠡᠯᠬᠡᠷᠡᠬᠦ᠌᠎ᠳᠤ
ᠬᠡᠯᠡᠵᠦ᠍ ᠶᠠᠳᠠᠭ᠍ᠰᠠᠨ ᠪᠠᠰᠠ ᠨᠢᠬᠡᠨᠤ ᠭᠤᠨᠢᠭ
ᠬᠡᠰᠡᠷ ᠲᠡᠬᠡᠷ᠎ᠡ ᠱᠢᠬᠦᠳᠡᠷᠢ᠎ᠨᠢ ᠬᠤᠪᠢᠯᠵᠦ᠍ ᠪᠦᠮᠪᠦᠬᠡᠨᠡᠨᠡ ᠁》 ᠬᠡᠮᠡᠨ ᠦᠨᠡᠨ ᠬᠠᠢᠷ᠎ᠠ᠎ᠶ᠋ᠢᠨ ᠬᠦᠰᠡᠮᠵᠢᠯᠡᠯ᠎ᠠᠴᠠ ᠪᠤᠯᠤᠭ᠍ᠰᠠᠨ ᠶᠡᠭᠡ ᠬᠦᠰᠡᠷᠳᠡᠯ ᠤᠨ ᠴᠠᠭ᠎ᠤᠨ ᠤᠷᠳᠤ᠎ᠳᠤ ᠦᠩᠬᠡ᠎ᠨᠢ ᠬᠤᠪᠢᠷᠠᠬᠤ ᠦᠬᠡᠢ ᠦᠪᠡᠷ ᠦᠪᠡᠷ᠎ᠤᠨ ᠬᠡᠯᠪᠡᠷᠢ᠎ᠪᠠᠷ ᠢᠯᠡᠷᠡᠭ᠌ᠰᠡᠨ ᠪᠠᠢᠭ᠎ᠠ᠎ᠳᠤ ᠭᠤᠨᠢᠵᠦ᠍ ᠪᠠᠢᠭ᠎ᠠ ᠰᠡᠳᠭᠢᠯᠬᠡ᠎ᠶ᠋ᠢ ᠢᠯᠡᠳᠭᠡᠵᠡᠢ᠃ ᠶᠡᠷᠦ᠍᠎ᠨᠢ ᠬᠡᠵᠢᠶ᠎ᠡ ᠴᠤ᠌ ᠮᠦᠩᠬᠡ ᠤᠷᠤᠱᠢᠳᠠᠭ ᠬᠠᠢᠷ᠎ᠠ᠎ᠶ᠋ᠢᠨ ᠠᠷᠢᠭᠤᠨ ᠲᠡᠷᠡ ᠤᠷᠬᠢᠯ᠎ᠳᠤ ᠬᠡᠨ ᠨᠢᠬᠡᠨᠤ ᠡᠷᠢᠯᠬᠢᠯᠡᠯ ᠬᠦᠷᠬᠦ᠌᠎ᠪᠠᠷ᠎ᠢᠶᠠᠨ ᠬᠦᠷᠴᠦ᠍ ᠦᠨᠡᠨᠴᠢ ᠬᠦᠬᠡᠷᠦᠬᠦᠨ ᠬᠠᠢᠷ᠎ᠠ᠎ᠶ᠋ᠢᠨ ᠴᠡᠴᠡᠭ᠎ᠢ ᠲᠡᠬᠦᠬᠦ᠌᠎ᠨᠢ ᠯᠠᠪᠳᠠᠢ᠃ ᠬᠠᠢᠷ᠎ᠠ ᠰᠡᠳᠭᠢᠯ᠎ᠨᠢ ᠦᠨᠡᠨᠴᠢ ᠠᠷᠢᠭᠤᠨ ᠪᠠᠢᠬᠤ᠎ᠳᠤ ᠠᠵᠠ ᠵᠢᠷᠭᠠᠯ ᠪᠤᠯᠳᠠᠭ ᠴᠤ᠌ ᠲᠤᠷᠭᠤᠨ ᠬᠠᠢᠷ᠎ᠠ᠎ᠶ᠋ᠢᠨ ᠭᠤᠨᠢᠭ ᠠᠮᠢ ᠨᠠᠰᠤ᠎ᠶ᠋ᠢ ᠡᠮᠵᠡᠭ᠌ᠯᠡᠬᠦᠯᠳᠡᠭ᠃ ᠲᠡᠬᠦᠨ᠎ᠤ 《ᠠᠮᠢ ᠨᠠᠰᠤᠨ᠎ᠤ ᠬᠦᠨ ᠤᠷᠤᠭᠤ ᠠᠰᠠᠨ ᠲᠦᠷᠡᠯᠵᠡᠭ᠌ᠰᠡᠭᠡᠷ ᠤᠨᠳᠠᠷᠠᠰᠤ》 ᠬᠡᠰᠡᠨ ᠱᠢᠯᠦᠭ᠎ᠨᠢ ᠤᠷᠤᠢᠳᠡᠵᠦ᠍ ᠤᠴᠠᠷᠠᠭ᠍ᠰᠠᠨ ᠢᠨᠠᠭ᠎ᠲᠠᠭᠠᠨ᠄
《 ᠤᠷᠭᠢᠭ᠍ᠳᠠᠯᠤᠨ ᠲᠠᠯᠠᠢ ᠦᠬᠡᠳᠡ ᠦᠨᠦᠴᠢᠨ ᠲᠠᠪᠠᠯᠭ᠎ᠠ ᠮᠡᠳᠦ ᠱᠢᠳᠡᠭ᠌ᠳᠡᠬᠦ᠌ᠪᠠᠨ ᠪᠢ ᠮᠠᠳᠠᠨᠠᠮ
ᠤᠮᠠᠷᠳᠠᠯ᠎ᠤᠨ ᠡᠷᠬᠢᠯᠭᠡᠨ ᠤᠷᠤᠭᠤ ᠨᠢᠮᠭᠡᠨ ᠨᠠᠪᠴᠢ ᠱᠢᠭ᠋ ᠤᠷᠢᠶᠠᠭ᠍ᠳᠠᠬᠤᠪᠠᠨ ᠪᠢ ᠤᠬᠠᠨᠠᠮ
ᠤᠭᠤᠷᠤᠯᠤᠨ ᠭᠠᠯ ᠦᠬᠡᠳᠡ ᠬᠤᠪᠠᠭ᠍ᠠᠢ ᠰᠠᠯᠠᠭ᠎ᠠ ᠠᠳᠠᠯᠢ ᠬᠤᠮᠤᠷᠤᠭ᠍ᠳᠠᠬᠤᠪᠠᠨ ᠪᠢ ᠲᠦᠰᠦᠭᠡᠯᠡᠨᠡᠮ
ᠤᠴᠠᠷᠠᠯ᠎ᠠᠴᠠ ᠬᠠᠭᠠᠴᠠᠯ ᠦᠭᠡᠳᠡ ᠭᠤᠯᠠᠰᠭᠤᠪᠠᠨ ᠪᠠᠰᠠ ᠪᠠᠷᠤᠭ᠍ᠯᠠᠨ
ᠤᠨᠠᠵᠤ ᠪᠤᠰᠭᠤ ᠡᠨᠡ ᠶᠠᠪᠤᠭ᠎ᠠ ᠠᠮᠢᠳᠤᠷᠠᠯ᠎ᠢᠶᠠᠨ ᠪᠠᠰᠠ
ᠤᠭ᠍ᠲᠤ ᠥᠭᠡᠷ᠎ᠡ᠎ᠪᠠᠷ ᠶᠠᠩᠵᠤᠯᠠᠭ᠍ᠰᠠᠨ ᠦᠢᠯᠡ ᠦᠷ᠎ᠡ ᠭᠡᠵᠦ᠍ ᠲᠦᠰᠦᠭᠡᠯᠡᠨᠡᠮ ᠁》 ᠬᠡᠵᠦ᠍ ᠠᠮᠢ ᠨᠠᠰᠤ᠂ ᠢᠨᠠᠭ ᠲᠤᠷᠠᠯᠠᠯ᠂ ᠬᠤᠪᠢ ᠵᠠᠶᠠᠭ᠎ᠠ᠎ᠶ᠋ᠢᠨ ᠲᠤᠬᠠᠢ ᠬᠦᠰᠡᠷᠳᠡᠯ᠂ ᠠᠷᠭ᠎ᠠ ᠦᠬᠡᠢᠳᠡᠯᠢᠶᠠᠨ ᠢᠯᠡᠷᠬᠡᠢᠯᠡᠪᠡ᠃ ᠱᠢᠯᠦᠭ᠎ᠲᠤ ᠢᠳᠡᠬᠡᠯ ᠵᠢᠷᠤᠮ᠎ᠢᠶᠠᠨ ᠤᠷᠬᠢᠭ᠍ᠰᠠᠨ ᠠᠮᠠᠷᠠᠭ᠎ᠢᠶᠠᠨ ᠱᠢᠯᠦᠭ᠌ᠴᠢ ᠬᠤᠷᠤᠰᠴᠦ᠍ ᠲᠦᠪᠳᠡᠭᠡ ᠦᠬᠡᠢ ᠠᠭᠤᠴᠢᠯᠠᠯ᠎ᠢᠶᠠᠷ ᠦᠪᠡᠷ᠎ᠢ᠎ᠪᠠᠨ ᠲᠠᠢᠳᠭᠤᠷᠠᠭᠤᠯᠤᠭ᠍ᠰᠠᠨᠨᠢ ᠦᠨᠡᠨ ᠬᠠᠢᠷ᠎ᠠ ᠬᠠᠷᠢᠭᠤ ᠬᠦᠰᠡᠬᠦ᠌ ᠦᠬᠡᠢ ᠴᠢᠨᠠᠷᠲᠠᠢ ᠪᠠᠢᠭ᠎ᠠ᠎ᠶ᠋ᠢ ᠬᠠᠷᠠᠭᠤᠯᠤᠨ᠎ᠠ᠃ ᠲᠡᠷᠡ ᠬᠠᠢᠷ᠎ᠠ᠎ᠶ᠋ᠢᠨ ᠦᠨᠢ ᠮᠦᠩᠬᠡ᠂ ᠬᠤᠪᠢ ᠢᠷᠦᠬᠡᠯ᠂ ᠠᠳᠠᠪᠠᠰᠢ ᠵᠢᠷᠭᠠᠯ ᠪᠠ ᠲᠤᠷᠭᠤᠨ ᠴᠡᠩᠬᠡᠯ᠎ᠤᠨ ᠲᠤᠬᠠᠢ ᠬᠦᠨ ᠰᠡᠳᠭᠢᠵᠦ᠍ ᠢᠨᠠᠭ ᠬᠠᠢᠷ᠎ᠠ᠎ᠶ᠋ᠢᠨ ᠠᠷᠢᠭᠤᠨ ᠲᠡᠬᠦᠯᠳᠡᠷ᠂ ᠡᠷᠬᠢᠮᠰᠦᠭ ᠰᠠᠢᠬᠠᠨ᠎ᠢ ᠠᠮᠢ ᠨᠠᠰᠤ᠎ᠪᠠᠷ᠎ᠢᠶᠠᠨ ᠬᠠᠮᠠᠭᠠᠯᠠᠬᠤ᠎ᠶ᠋ᠢ ᠬᠦᠰᠡᠮᠵᠢᠯᠡᠵᠡᠢ᠃ ᠬᠤᠪᠢ ᠵᠠᠶᠠᠭ᠎ᠠ ᠦᠨᠡᠨ ᠬᠠᠢᠷ᠎ᠠ ᠤᠷᠴᠢᠯᠠᠩ᠎ᠳᠤ ᠦᠨᠢ ᠮᠦᠩᠬᠡ ᠤᠷᠤᠱᠢᠨ᠎ᠠ ᠬᠡᠳᠡᠭ᠎ᠢ ᠲᠡᠷᠡ ᠱᠢᠯᠦᠭ᠎ᠢᠶᠠᠷ᠎ᠢᠶᠠᠨ ᠪᠠᠳᠤᠯᠠᠵᠠᠢ᠃ ᠲᠡᠢᠮᠦ᠍᠎ᠠᠴᠠ᠎ᠪᠠᠨ ᠦᠨᠡᠨ ᠬᠠᠢᠷ᠎ᠠ᠎ᠪᠠᠨ ᠪᠠᠳᠤ ᠰᠠᠬᠢᠵᠦ᠍ ᠴᠢᠳᠠᠭ᠎ᠠ ᠦᠬᠡᠢ ᠪᠤᠯ ᠲᠡᠭᠦᠰ ᠲᠡᠭᠦᠯᠳᠡᠷ᠎ᠢᠶᠠᠷ ᠪᠡᠶ᠎ᠡ᠎ᠪᠠᠨ ᠬᠠᠭᠤᠷᠬᠤ ᠬᠡᠷᠡᠭ ᠦᠬᠡᠢ᠂ ᠬᠠᠷᠢᠨ ᠲᠡᠬᠡᠬᠦ᠌ᠪᠠᠷ ᠠᠬᠯᠠᠭ ᠠᠭᠤᠯᠠ᠎ᠶ᠋ᠢᠨ ᠴᠡᠴᠡᠭ᠂ ᠡᠰᠡᠭᠦᠯ᠎ᠡ ᠬᠠᠢᠷ᠎ᠠ᠎ᠶ᠋ᠢᠨ ᠲᠦᠯᠦᠬᠡ ᠱᠢᠳᠡᠨ ᠰᠤᠯᠢᠷᠱᠢᠬᠤ ᠰᠦᠨᠢ᠎ᠶ᠋ᠢᠨ ᠤᠳᠤ ᠪᠤᠯᠤᠭ᠍ᠰᠠᠨ ᠴᠤ᠌ ᠵᠦᠬᠡᠷ ᠬᠡᠮᠡᠨ ᠱᠢᠯᠦᠭ᠌ᠯᠡᠵᠡᠢ᠃
《 ᠦᠨᠡᠨ ᠬᠤᠳᠠᠯ᠂ ᠵᠢᠷᠭᠠᠯ ᠵᠤᠪᠠᠯ ᠢᠯᠡᠭᠦᠳᠡᠭ ᠡ
ᠦᠨᠢ ᠡᠭᠦᠷᠢᠳᠡ᠂ ᠠᠮᠠᠯᠳᠠᠯᠭ᠎ᠠ ᠲᠠᠩᠭᠠᠷᠢᠭ ᠬᠤᠭᠤᠰᠳᠠᠭ ᠡ
ᠦᠪᠡᠷ᠎ᠤᠨ ᠭᠡᠷᠡᠯᠳᠤ ᠰᠡᠭᠦᠯᠴᠢ᠎ᠶ᠋ᠢᠨ ᠤᠳᠠᠭ᠎ᠠ ᠲᠦᠷᠡᠯᠵᠡᠨ ᠨᠤᠴᠤᠵᠦ᠍
ᠦᠳᠡᠰᠢ᠎ᠶ᠋ᠢᠨ ᠪᠦᠷᠦᠢ ᠱᠢᠭ ᠠᠮᠢ ᠨᠠᠰᠤᠨ᠎ᠤ᠎ᠪᠠᠨ ᠬᠦᠨ ᠤᠷᠤᠭᠤ
ᠦᠵᠡᠰᠭᠦᠯᠡᠩ ᠲᠡᠭᠦᠯᠳᠡᠷᠵᠢᠡᠷ ᠪᠢᠳᠡ ᠠᠰᠠᠨ ᠪᠠᠳᠮᠠᠯᠠᠭ᠍ᠰᠠᠭᠠᠷ ᠤᠨᠳᠠᠷᠠᠰᠤᠭᠠᠢ!》 ᠬᠡᠵᠦ᠍ ᠬᠤᠳᠠᠯ ᠬᠠᠭᠤᠷᠮᠠᠭ ᠶᠠᠪᠤᠭ᠍ᠰᠠᠨ ᠬᠠᠢᠷ᠎ᠠ᠎ᠶ᠋ᠢᠨ ᠲᠦᠯᠦᠬᠡ ᠰᠤᠯᠢᠷ ᠤᠳᠤ ᠪᠤᠯᠤᠨ ᠤᠨᠳᠠᠷᠠᠬᠤᠨᠢ ᠠᠮᠢᠳᠤ ᠶᠠᠪᠤᠬᠤ᠎ᠠᠴᠠ ᠲᠡᠬᠡᠷ᠎ᠡ ᠬᠡᠵᠦ᠍ ᠱᠢᠯᠦᠭ᠌ᠯᠡᠵᠡᠢ᠃ ᠲᠡᠢᠮᠦ᠍᠎ᠠᠴᠠ ᠢᠨᠠᠭ ᠲᠤᠷᠠᠯᠠᠯ ᠦᠨᠢ ᠮᠦᠩᠬᠡ᠂ ᠴᠢᠩ ᠦᠨᠡᠨᠴᠢ ᠬᠡᠰᠡᠨ ᠬᠦᠰᠡᠯ ᠪᠠᠷᠢᠮᠳᠠᠯᠠᠯ ᠪᠤᠯ ᠲᠡᠬᠦᠨ᠎ᠤ ᠱᠢᠯᠦᠭ᠎ᠤᠨ ᠲᠡᠬᠦᠪᠦᠷᠢ᠎ᠶ᠋ᠢᠨ ᠮᠦᠷ ᠪᠠᠳᠠᠭ ᠪᠦᠬᠦᠨ᠎ᠳᠤ ᠪᠠᠳᠤ ᠬᠠᠳᠠᠭ᠍ᠳᠠᠵᠦ᠍ ᠪᠠᠢᠭ᠎ᠠ ᠦᠨᠡᠨ ᠶᠤᠰᠤ ᠪᠤᠯᠵᠠᠢ᠃
ᠵᠠᠮᠴᠠᠭᠠᠨᠤ ᠱᠢᠯᠦᠭ ᠠᠮᠢ ᠨᠠᠰᠤᠨ᠎ᠤ ᠡᠬᠡᠯ ᠴᠢᠨᠠᠷ᠎ᠢ ᠲᠡᠬᠡᠳᠦᠯᠡᠨ ᠠᠪᠤᠷᠢ ᠵᠠᠩ᠎ᠤᠨ ᠡᠷᠬᠢᠮᠰᠦᠭ ᠠᠷᠢᠭᠤᠨ ᠪᠠ ᠢᠨᠠᠭ ᠲᠤᠷᠠᠯᠠᠯ ᠬᠠᠢᠷ᠎ᠠ ᠰᠡᠳᠭᠢᠯᠬᠡ᠎ᠶ᠋ᠢᠨ ᠴᠢᠩ ᠦᠨᠡᠨᠴᠢ᠎ᠶ᠋ᠢ ᠡᠷᠬᠢᠮᠯᠡᠵᠡᠢ᠃ ᠬᠦᠮᠤᠨ᠎ᠤ ᠪᠤᠳᠤᠯ ᠰᠡᠳᠭᠢᠯᠬᠡ᠎ᠶ᠋ᠢ ᠲᠡᠯᠬᠡᠨ᠂ ᠲᠤᠳᠤᠭᠠᠳᠤ ᠰᠡᠳᠭᠢᠯ᠎ᠢ ᠨᠢᠭᠤᠯ ᠦᠬᠡᠢ ᠲᠡᠯᠬᠡᠨ ᠠᠮᠢ ᠨᠠᠰᠤᠨ᠎ᠳᠤ ᠦᠨᠡᠨ᠎ᠢᠶᠠᠷ ᠬᠠᠨᠳᠤᠭ᠍ᠰᠠᠨ᠎ᠠᠴᠠ ᠲᠡᠬᠦᠨ᠎ᠤ ᠱᠢᠯᠦᠭ ᠠᠮᠢᠯᠠᠯ᠎ᠢᠶᠠᠨ ᠤᠯᠵᠠᠢ᠃