ᠭᠤᠪᠢ᠎ᠶ᠋ᠢᠨ ᠶᠠᠭᠠᠨ ᠭᠤᠯᠭᠤᠢ
ᠭᠤᠸ᠎ᠠ ᠲᠠᠭᠠᠱᠢᠶᠠᠯ᠎ᠳᠠᠭᠠᠨ ᠪᠢ ᠭᠠᠩᠭᠠᠩ ᠪᠠᠶᠠᠰᠳᠠᠭ
ᠭᠤᠪᠢ᠎ᠶ᠋ᠢᠨ ᠭᠤᠷᠪᠠᠨ ᠰᠠᠷ᠎ᠠ ᠬᠠᠪᠤᠷ ᠪᠠᠢᠭ᠍ᠰᠠᠨ᠎ᠤ᠎ᠬᠢ
ᠬᠥᠬᠡ ᠵᠡᠷᠭᠡᠯᠭᠡᠨᠤ ᠬᠦᠭ᠌ᠵᠢᠮ ᠴᠢᠩᠨᠠᠵᠤ ᠪᠠᠭ᠍ᠠᠷᠬᠠᠳᠠᠭ
ᠬᠥᠳᠡᠭᠡ᠎ᠶ᠋ᠢᠨ ᠬᠠᠪᠤᠷᠵᠢᠶ᠎ᠠ ᠭᠤᠯᠭᠤᠢ ᠪᠠᠢᠭ᠍ᠰᠠᠨ᠎ᠤ᠎ᠬᠢ
ᠶᠢᠰᠦᠨ ᠬᠦᠰᠡᠯ ᠶᠢᠷᠳᠢᠨᠴᠦ᠍᠎ᠶ᠋ᠢ ᠪᠦᠳᠦᠨ ᠤᠷᠢᠶᠠᠵᠤ
ᠢᠰᠡᠭᠡᠢ ᠭᠡᠷ᠎ᠢ ᠲᠣᠭᠤᠷᠢᠵᠤ ᠢᠲᠡᠭᠡᠯ ᠤᠷᠭᠤᠨ᠎ᠠ
ᠠᠷᠪᠠᠨ ᠪᠤᠶᠠᠨ ᠠᠢᠯ᠎ᠳᠤ ᠲᠦᠭᠡᠨ ᠳᠡᠯᠭᠡᠷᠡᠵᠦ᠍
ᠠᠮᠠᠷᠠᠭ ᠴᠠᠭᠠᠨ ᠱᠢᠪᠠᠭᠤ ᠲᠠᠯ᠎ᠠ᠎ᠳᠤ ᠲᠡᠭᠦᠯᠢᠨᠡ
ᠨᠠᠪᠴᠢᠨ᠎ᠤ ᠬᠠᠪᠤᠷ
ᠬᠦᠷᠦᠰᠦᠨ᠎ᠠᠴᠠ ᠴᠣᠬᠤᠯᠵᠠᠬᠤ ᠬᠦᠭᠡᠷᠦᠬᠦᠨ ᠱᠢᠷ᠎ᠠ ᠨᠠᠪᠴᠢᠰ
ᠬᠦᠷᠡᠭ᠌ᠴᠢ ᠦᠨᠢᠶᠡᠨ᠎ᠤ ᠱᠢᠨ᠎ᠡ ᠰᠠᠭᠠᠭ᠍ᠰᠠᠨ ᠤᠭᠤᠷᠠᠭ ᠠᠳᠠᠯᠢ
ᠬᠥᠳᠥᠯ᠎ᠤᠨ ᠡᠩᠭᠡᠷ ᠬᠡᠦᠬᠡᠨ᠎ᠤ ᠨᠢᠳᠦ ᠱᠢᠭ ᠰᠡᠷᠪᠡᠯᠵᠡᠨᠡᠮ
ᠬᠠᠭ᠍ᠳᠠᠨ ᠲᠤᠲᠤᠷ᠎ᠠ ᠡᠷᠪᠡᠯᠵᠡᠬᠦ᠌ ᠲᠡᠳᠡᠭᠡᠷ ᠨᠠᠪᠴᠢᠰ
ᠬᠠᠪᠤᠷ᠎ᠲᠤ ᠬᠠᠨᠢᠰᠣᠨ ᠬᠠᠯᠭᠢᠯᠠᠲᠠᠯᠠ ᠬᠥᠬᠡᠷᠡᠬᠦ᠌ ᠶᠤᠮ
ᠬᠠᠳᠠᠨ ᠲᠡᠭᠡᠷ᠎ᠡ ᠡᠭᠦᠷᠯᠡᠬᠦ᠌ ᠬᠠᠷᠢᠶᠠᠴᠠᠢᠨᠤᠭᠤᠳ
ᠬᠠᠪᠤᠷ᠎ᠤᠨ ᠨᠠᠷᠠᠨ᠎ᠳᠤ ᠬᠠᠶᠠᠭᠠᠷᠠᠲᠠᠯᠠ ᠵᠢᠷᠭᠢᠬᠦ᠌ ᠶᠤᠮ
ᠨᠠᠪᠴᠢᠰ᠎ᠨᠢ ᠨᠡᠯᠦᠭᠡᠷ ᠨᠤᠭᠤᠭᠠᠷᠠᠬᠤ᠎ᠪᠠᠷ
ᠨᠤᠲᠤᠭ᠎ᠤᠨ ᠮᠢᠨᠢ ᠨᠡᠭᠦᠳᠡᠯ ᠨᠢᠵᠢᠭᠢᠷ ᠡᠬᠢᠯᠡᠨᠡᠮ
ᠨᠡᠭᠦᠳᠡᠯ ᠨᠠᠮᠠᠶ᠋ᠢ ᠬᠠᠢᠷᠠᠯᠠᠵᠤ ᠨᠤᠲᠤᠭ ᠮᠠᠨᠢ ᠡᠰᠡᠨᠢᠨᠡᠮ
ᠡᠪᠡᠰᠦ
ᠤᠬᠠᠭᠠᠨ᠎ᠢᠶᠠᠨ ᠣᠬᠠᠭᠠᠷᠠᠵᠤ
ᠬᠡᠵᠢᠶ᠎ᠡ ᠴᠤ᠌ ᠪᠤᠰᠤᠭ᠎ᠠ ᠨᠠᠬᠢᠶᠠᠯᠠᠳᠠᠭ
ᠬᠠᠮᠢᠭ᠎ᠠ ᠴᠤ᠌ ᠵᠤᠭ᠍ᠰᠤᠭᠠ ᠨᠠᠯᠠᠢᠳᠠᠭ
ᠤᠬᠠᠭᠠᠨ᠎ᠢᠶᠠᠨ ᠠᠭᠤᠵᠢᠷᠠᠭᠤᠯᠵᠤ
ᠲᠠᠯ᠎ᠠ᠎ᠳᠠᠭᠠᠨ ᠦᠵᠡᠰᠭᠦᠯᠡᠩ ᠴᠡᠯᠭᠡᠷᠡᠳᠡᠭ
ᠳᠠᠩᠳᠠ ᠲᠡᠢᠨᠬᠦ᠌ ᠠᠮᠤᠭᠤᠯᠠᠩ ᠴᠡᠩᠭᠡᠷᠯᠡᠳᠡᠭ
ᠡᠪᠡᠰᠦ ᠪᠢᠳᠠ ᠬᠤᠶᠠᠭᠤᠯᠠ
ᠡᠭᠦᠷᠢᠳᠡ᠎ᠶ᠋ᠢᠨ ᠬᠡᠯᠬᠢᠶ᠎ᠡ᠎ᠲᠠᠢ ᠱᠢᠭ᠋
ᠡᠩ ᠦᠭᠡᠢ ᠡᠷᠬᠢᠮᠰᠦᠭ ᠨᠤᠭᠤᠭᠠᠨ
ᠪᠣᠲᠣᠯ᠎ᠤᠨ ᠬᠠᠪᠣᠷ
ᠬᠠᠷᠢᠶᠠᠴᠠᠢ ᠡᠷᠭᠢᠨ ᠪᠤᠴᠠᠬᠤ᠎ᠶ᠋ᠢ ᠠᠷᠭ᠎ᠠ ᠠᠯᠳᠠᠨ ᠬᠦᠯᠢᠶᠡᠳᠡᠭ ᠶᠤᠮᠰᠠᠨ
ᠬᠠᠢᠴᠢᠨ ᠵᠢᠭᠦᠷᠲᠠᠢ ᠬᠠᠨᠢ᠎ᠶ᠋ᠢᠨ ᠵᠠᠶᠠᠭ᠎ᠠ ᠬᠤᠤᠰᠯᠠᠨ ᠣᠷᠭᠤᠬᠤᠢᠳᠤᠷ
ᠬᠠᠨᠢ᠎ᠶ᠋ᠢᠨ ᠵᠠᠶᠠᠭᠠᠪᠠᠷ ᠬᠠᠷᠠᠭᠠᠨ᠎ᠠ᠎ᠶ᠋ᠢᠨ ᠴᠡᠴᠡᠭ ᠲᠡᠯᠭᠡᠷᠡᠳᠡᠭ ᠶᠤᠮᠰᠠᠨ
ᠬᠠᠰᠤᠨ ᠰᠠᠷᠠ᠎ᠲᠠᠢ ᠬᠤᠷᠸ᠎ᠠ᠎ᠳᠤ ᠬᠠᠢᠷ᠎ᠠ ᠢᠪᠢᠯᠦᠨ ᠣᠪᠣᠯᠵᠠᠬᠤᠢᠳᠤᠷ
ᠬᠤᠯᠵᠢᠬᠤ ᠨᠤᠢᠷ᠎ᠲᠠᠭᠠᠨ ᠬᠤᠷᠭᠤᠳᠠᠵᠤ ᠬᠤᠶᠠᠷ ᠪᠠᠳᠠᠭ ᠪᠢᠴᠢᠬᠦ᠌ ᠶᠤᠮᠰᠠᠨ
ᠬᠤᠶᠠᠷ ᠪᠠᠳᠠᠭᠲᠠᠢᠪᠠᠨ ᠨᠢᠭᠡᠨ ᠬᠠᠪᠤᠷ ᠨᠢᠩᠵᠢᠨ ᠤᠶᠠᠩᠭᠠᠷᠠᠬᠤᠢᠳᠤᠷ
ᠨᠢᠭᠡᠨ ᠬᠠᠪᠤᠷ ᠴᠠᠢ᠎ᠪᠠᠨ ᠴᠢᠨᠠᠵᠤ ᠡᠳᠦᠷ᠎ᠤᠨ ᠢᠷᠦᠬᠡᠯ ᠲᠤᠭ᠍ᠲᠠᠬᠤ ᠶᠤᠮᠰᠠᠨ
ᠨᠡᠭᠦᠳᠡᠯ᠎ᠤᠨ ᠬᠡᠱᠢᠭ ᠲᠤᠰ᠎ᠤᠨ ᠵᠤᠰᠠᠭᠠᠯ᠎ᠤᠨ ᠢᠪᠡᠭᠡᠯᠳᠤ ᠣᠴᠠᠷᠠᠬᠤᠢᠳᠤᠷ
ᠴᠠᠭ ᠬᠤᠭᠤᠴᠠᠭᠠᠨ᠎ᠤ ᠤᠢ ᠰᠡᠷᠡᠯ ᠬᠠᠪᠤᠷ᠎ᠤᠨ ᠬᠠᠪᠤᠷ ᠥᠰᠭᠦ ᠶᠤᠮᠰᠠᠨ
ᠴᠠᠢᠯᠭᠠᠨ ᠪᠤᠳᠣᠯ᠎ᠤᠨ ᠪᠣᠷᠬᠠᠨ ᠰᠠᠨᠠᠭ᠎ᠠ ᠵᠢᠯ᠎ᠤᠨ ᠵᠢᠯ ᠦᠷᠨᠢᠬᠦᠢᠳᠤᠷ